ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠠᠵᠢᠯ ᠤᠨ ᠭᠦᠨᠵᠡᠭᠡᠶᠢᠷᠡᠨ ᠬᠥᠭᠵᠢᠬᠦ ᠶᠢ ᠠᠬᠢᠭᠤᠯᠤᠶ᠎ᠠ
ᠨᠡᠶᠢᠲᠡᠯᠡᠭᠰᠡᠨ ᠴᠠᠭ᠄
2024/2/26
                                      ᠠᠷᠠᠳ ᠤᠨ ᠡᠳᠦᠷ ᠤᠨ ᠰᠣᠨᠢᠨ ᠤ ᠰᠢᠭᠦᠮᠵᠢᠯᠡᠭᠴᠢ       — ᠶᠡᠷᠦᠩᠬᠡᠢ ᠱᠦᠵᠢ ᠰᠢ ᠶᠢᠨ ᠫᠢᠩ ᠤᠨ ᠬᠤᠷᠢᠳᠤᠭᠠᠷ ᠬᠤᠭᠤᠴᠠᠭᠠᠨ ᠤ ᠲᠥᠪ ᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶᠠᠨ ᠤ ᠭᠤᠷᠪᠠᠳᠤᠭᠠᠷ ᠪᠦᠬᠦᠳᠡ ᠬᠤᠷᠠᠯ ᠳᠡᠭᠡᠷᠡᠬᠢ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠰᠤᠷᠤᠯᠴᠠᠨ ᠲᠤᠤᠱᠯᠠᠭᠤᠯᠬᠤ ᠲᠤᠬᠠᠢ ᠥᠭᠦᠯᠡᠬᠦ ᠨᠢ                                  ︽ᠪᠦᠬᠦ ᠲᠠᠯ᠎ᠠ ᠪᠠᠷ ᠨᠠᠮ ᠢ ᠴᠢᠩᠭ᠎ᠠ  ᠵᠠᠰᠠᠬᠤ  ᠠᠵᠢᠯ ᠤᠨ  ᠭᠦᠨᠵᠡᠭᠡᠶᠢᠷᠡᠨ  ᠬᠥᠭᠵᠢᠬᠦ ᠶᠢ  ᠠᠬᠢᠭᠤᠯᠵᠤ᠂  ᠨᠠᠮ ᠤᠨ ᠬᠤᠷᠢᠳᠤᠭᠠᠷ ᠶᠡᠭᠡ  ᠬᠤᠷᠠᠯ ᠤᠨ  ᠰᠢᠢᠳᠪᠦᠷᠢᠲᠦ  ᠪᠤᠳᠤᠯᠭ᠎ᠠ  ᠪᠠᠶᠢᠷᠢᠯᠠᠭᠤᠯᠤᠯᠲᠠ ᠶᠢ  ᠲᠡᠷᠡ  ᠶᠣᠰᠣᠭᠠᠷ ᠨᠢ  ᠲᠤᠤᠱᠯᠠᠭᠤᠯᠤᠨ ᠨᠠᠶᠢᠳᠠᠪᠤᠷᠢᠵᠢᠭᠤᠯᠬᠤ ᠶᠢ ᠠᠬᠢᠭᠤᠯᠵᠤ᠂ ᠰᠢᠨ᠎ᠡ ᠠᠶᠠᠨ ᠤ ᠡᠬᠢᠯᠡᠯᠲᠡ ᠶᠢ ᠬᠦᠴᠦᠲᠡᠶ ᠬᠥᠲᠥᠯᠥᠨ ᠳᠠᠭᠠᠭᠤᠯᠵᠤ ᠪᠠᠳᠤᠯᠠᠪᠠ︾ ᠭᠡᠵᠦ ᠬᠤᠷᠢᠳᠤᠭᠠᠷ ᠬᠤᠭᠤᠴᠠᠭᠠᠨ ᠤ ᠲᠥᠪ ᠤᠨ  ᠰᠠᠬᠢᠯᠭ᠎ᠠ  ᠪᠠᠲᠤ  ᠪᠠᠶᠢᠴᠠᠭᠠᠬᠤ  ᠬᠤᠷᠢᠶᠠᠨ ᠤ  ᠭᠤᠷᠪᠠᠳᠤᠭᠠᠷ  ᠪᠦᠬᠦᠳᠡ  ᠬᠤᠷᠠᠯ ᠳᠡᠭᠡᠷ᠎ᠡ᠂ ᠶᠡᠷᠦᠩᠬᠡᠢ ᠱᠦᠵᠢ  ᠰᠢ ᠶᠢᠨ  ᠫᠢᠩ  ᠨᠠᠮ  ᠪᠣᠯᠤᠨ  ᠤᠯᠤᠰ ᠤᠨ  ᠠᠵᠢᠯ  ᠦᠢᠯᠡᠰ ᠤᠨ  ᠬᠥᠭᠵᠢᠯᠲᠡ ᠶᠢᠨ  ᠪᠦᠬᠦ ᠲᠠᠯ᠎ᠠ ᠠᠴᠠ ᠡᠭᠦᠰᠴᠦ᠂ ᠪᠦᠬᠦ ᠲᠠᠯ᠎ᠠ ᠪᠠᠷ  ᠨᠠᠮ ᠢ  ᠴᠢᠩᠭ᠎ᠠ  ᠵᠠᠰᠠᠭᠰᠠᠨ  ᠰᠢᠨ᠎ᠡ  ᠠᠬᠢᠴᠠ᠂  ᠰᠢᠨ᠎ᠡ  ᠦᠷ᠎ᠡ  ᠪᠦᠲᠦᠮᠵᠢ ᠶᠢ ᠳ᠋ᠦᠩᠨᠡᠵᠦ᠂ ᠨᠠᠮ ᠤᠨ ᠥᠪᠡᠷ ᠤᠨ ᠪᠡᠶ᠎ᠡ ᠳᠡᠭᠡᠨ ᠬᠤᠪᠢᠰᠬᠠᠯ ᠬᠢᠬᠦ ᠴᠢᠬᠤᠯᠠ ᠦᠵᠡᠯ ᠰᠠᠨᠠᠭ᠎ᠠ ᠶᠢ  ᠭᠦᠨᠵᠡᠭᠡᠢ  ᠲᠣᠳᠣᠷᠬᠠᠶᠢᠯᠠᠨ ᠥᠭᠦᠯᠡᠵᠦ᠂  ᠢᠯᠵᠠᠷᠠᠯ ᠢ  ᠡᠰᠡᠷᠭᠦᠴᠡᠬᠦ  ᠲᠡᠮᠡᠴᠡᠯ ᠢ  ᠦᠷᠭᠦᠯᠵᠢᠯᠡᠨ  ᠠᠬᠢᠭᠤᠯᠬᠤ  ᠲᠤᠬᠠᠢ  ᠪᠠᠶᠢᠯᠳᠤᠬᠤ   ᠪᠤᠳᠤᠯᠭ᠎ᠠ ᠶᠢᠨ ᠪᠠᠶᠢᠷᠢᠯᠠᠭᠤᠯᠤᠯᠲᠠ ᠬᠢᠵᠡᠢ᠃ ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ  ᠶᠠᠷᠢᠶ᠎ᠠ  ᠨᠢ  ᠠᠯᠤᠰ  ᠤᠨ  ᠬᠠᠷᠠᠯᠳᠠ  ᠲᠠᠢ᠂ ᠬᠠᠷᠠᠭ᠎ᠠ ᠥᠷᠭᠡᠨ᠂ ᠦᠵᠡᠯ ᠰᠠᠨᠠᠭ᠎ᠠ ᠭᠦᠨ ᠭᠦᠨᠵᠡᠭᠡᠢ᠂ ᠠᠭᠤᠯᠤᠭᠳᠠᠬᠤᠨ ᠡᠯᠪᠡᠭ ᠪᠠᠶᠠᠯᠢᠭ ᠪᠠᠶᠢᠵᠤ᠂  ᠰᠢᠨ᠎ᠡ  ᠴᠠᠭ  ᠦᠶ᠎ᠡ ᠰᠢᠨ᠎ᠡ ᠠᠶᠠᠨ ᠳᠤ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ᠂ ᠨᠠᠮ ᠤᠨ ᠰᠤᠷᠲᠠᠯ ᠴᠢᠬᠡᠴᠢ ᠵᠠᠰᠠᠭ ᠤᠨ ᠪᠠᠶᠢᠭᠤᠯᠤᠯᠲᠠ  ᠪᠣᠯᠤᠨ ᠢᠯᠵᠠᠷᠠᠯ ᠢ ᠡᠰᠡᠷᠭᠦᠴᠡᠬᠦ ᠲᠡᠮᠡᠴᠡᠯ ᠢ ᠭᠦᠨᠵᠡᠭᠡᠢ ᠠᠬᠢᠭᠤᠯᠬᠤ ᠳᠤ ᠦᠨᠳᠦᠰᠦᠨ ᠵᠢᠷᠤᠮᠯᠠᠯ ᠬᠠᠩᠭᠠᠵᠠᠢ᠃               2023  ᠣᠨ  ᠪᠣᠯ  ᠨᠠᠮ ᠤᠨ  ᠬᠤᠷᠢᠳᠤᠭᠠᠷ  ᠶᠡᠭᠡ  ᠬᠤᠷᠠᠯ ᠤᠨ  ᠵᠣᠷᠢᠭ  ᠰᠠᠨᠠᠭ᠎ᠠ ᠶᠢ   ᠪᠦᠬᠦ   ᠲᠠᠯ᠎ᠠ ᠪᠠᠷ ᠲᠤᠤᠱᠯᠠᠭᠤᠯᠤᠬᠰᠠᠨ  ᠡᠬᠢᠯᠡᠯᠲᠡ ᠶᠢᠨ  ᠵᠢᠯ  ᠮᠥᠨ᠂  ᠪᠠᠰᠠ  ᠴᠤ  ᠭᠤᠷᠪᠠᠨ  ᠵᠢᠯ ᠤᠨ  ᠰᠢᠨ᠎ᠡ   ᠲᠢᠲᠢᠮᠯᠢᠭ   ᠠᠭᠤᠰᠬᠢᠨ ᠦᠷᠪᠢᠰᠦᠯ ᠤᠨ ᠬᠢᠵᠢᠭ ᠢ ᠰᠡᠷᠭᠡᠶᠢᠯᠡᠨ  ᠬᠤᠷᠢᠬᠯᠠᠬᠤ  ᠠᠵᠢᠯ  ᠱᠠᠳᠤ  ᠰᠢᠯᠵᠢᠭᠰᠡᠨ ᠤ  ᠳᠠᠷᠠᠭᠠᠬᠢ  ᠠᠵᠤ  ᠠᠬᠤᠢ  ᠰᠡᠷᠭᠦᠨ ᠬᠥᠭᠵᠢᠭᠰᠡᠨ ᠨᠢᠭᠡ ᠵᠢᠯ ᠮᠥᠨ᠃ ᠰᠢ ᠶᠢᠨ ᠫᠢᠩ ᠨᠥᠬᠦᠷ ᠢᠶᠠᠷ ᠭᠤᠤᠯᠯᠠᠭᠤᠯᠤᠬᠰᠠᠨ ᠨᠠᠮ ᠤᠨ ᠲᠥᠪ ᠬᠤᠷᠢᠶ᠎ᠠ ᠪᠦᠬᠦ ᠨᠠᠮ ᠪᠦᠬᠦ ᠤᠯᠤᠰ ᠤᠨ ᠦᠨᠳᠦᠰᠦᠲᠡᠨ ᠨᠦᠭᠦᠳ ᠤᠨ ᠠᠷᠠᠳ  ᠲᠦᠮᠡᠨ ᠢ  ᠪᠦᠯᠬᠦᠮᠳᠡᠭᠦᠯᠦᠨ  ᠳᠠᠭᠠᠭᠤᠯᠵᠤ᠂  ᠭᠠᠳᠠᠭᠠᠳᠤ  ᠳᠠᠷᠤᠯᠲᠠ ᠶᠢ ᠲᠤᠯᠵᠤ᠂ ᠳᠣᠲᠣᠭᠠᠳᠤ ᠶᠢᠨ ᠬᠦᠴᠢᠷᠳᠡᠯ ᠢ ᠢᠯᠠᠨ ᠳᠠᠪᠠᠵᠤ᠂ ᠬᠢᠯᠪᠠᠷ  ᠪᠤᠰᠤ ᠪᠠᠷ  ᠣᠯᠤᠭᠰᠠᠨ᠂  ᠮᠠᠭᠲᠠᠭᠤᠰᠢᠲᠠᠢ  ᠠᠮᠵᠢᠯᠲᠠ ᠣᠯᠵᠤ᠂ ᠨᠡᠶᠢᠭᠡᠮ ᠵᠢᠷᠤᠮᠳᠤ ᠣᠳᠣᠬᠢᠴᠢᠯᠠᠭᠰᠠᠨ ᠤᠯᠤᠰ ᠢ ᠪᠦᠬᠦ ᠲᠠᠯ᠎ᠠ ᠪᠠᠷ ᠪᠦᠳᠦᠭᠡᠨ ᠪᠠᠶᠢᠭᠤᠯᠬᠤ ᠢᠳᠡᠷᠡᠭᠦᠨ  ᠠᠯᠬᠤᠭ᠎ᠠ ᠶᠢ ᠠᠯᠬᠤᠪᠠ᠃ ᠨᠠᠮ ᠤᠨ ᠲᠥᠪ  ᠬᠤᠷᠢᠶ᠎ᠠ  ᠨᠠᠮ ᠤᠨ  ᠥᠪᠡᠷ ᠤᠨ  ᠪᠡᠶ᠎ᠡ ᠳᠡᠭᠡᠨ  ᠬᠤᠪᠢᠰᠬᠠᠯ  ᠬᠢᠬᠦ ᠶᠢ  ᠭᠤᠶᠢᠪᠢᠰᠢ  ᠦᠭᠡᠢ ᠠᠬᠢᠭᠤᠯᠵᠤ᠂ ᠪᠦᠬᠦ ᠨᠠᠮ ᠤᠨ ᠳᠣᠲᠣᠷ᠎ᠠ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ  ᠣᠨᠴᠠᠯᠢᠭ ᠲᠠᠢ ᠨᠡᠶᠢᠭᠡᠮ  ᠵᠢᠷᠤᠮ ᠤᠨ  ᠦᠵᠡᠯ  ᠰᠠᠨᠠᠭ᠎ᠠ ᠶᠢ  ᠰᠤᠷᠤᠯᠴᠠᠨ  ᠲᠤᠤᠱᠯᠠᠭᠤᠯᠬᠤ  ᠭᠤᠣᠯ  ᠰᠡᠳᠦᠪᠲᠦ  ᠬᠥᠮᠦᠵᠢᠯ ᠢ   ᠭᠦᠨᠵᠡᠭᠡᠢ ᠥᠷᠨᠢᠭᠦᠯᠵᠦ᠂ ᠨᠠᠮ ᠢ ᠪᠦᠬᠦ ᠲᠠᠯ᠎ᠠ ᠪᠠᠷ  ᠴᠢᠩᠭ᠎ᠠ  ᠵᠠᠰᠠᠬᠤ  ᠪᠠ  ᠢᠯᠵᠠᠷᠠᠯ ᠢ  ᠡᠰᠡᠷᠭᠦᠴᠡᠬᠦ  ᠲᠡᠮᠡᠴᠡᠯ  ᠳᠤ  ᠦᠷᠭᠦᠯᠵᠢᠯᠡᠨ ᠬᠦᠴᠦᠯᠡᠵᠦ᠂ ᠰᠠᠶᠢᠨ ᠰᠠᠶᠢᠬᠠᠨ ᠤᠯᠤᠰ ᠲᠦᠷᠦ ᠶᠢᠨ ᠠᠮᠢ ᠠᠬᠤᠢ ᠲᠠᠰᠤᠷᠠᠯᠳᠠ ᠦᠭᠡᠢ ᠪᠠᠬᠢᠵᠢᠨ  ᠬᠥᠭᠵᠢᠪᠡ᠃  ︽ᠬᠤᠶᠠᠷ ᠢ ᠲᠣᠭᠲᠠᠭᠠᠬᠤ︾ ᠨᠢ ᠪᠢᠳᠡᠨ ᠤ ᠡᠯ᠎ᠡ ᠵᠦᠢᠯ ᠤᠨ ᠠᠶᠤᠯ ᠲᠦᠭᠰᠢᠭᠦᠷᠢ ᠥᠷᠢᠰᠥᠯᠳᠦᠭᠡᠨ ᠢ ᠠᠷᠭᠠᠴᠠᠬᠤ᠂ ᠳᠤᠮᠳᠠᠳᠤ  ᠤᠯᠤᠰ ᠤᠨ ᠮᠠᠶ᠋ᠢᠭ ᠤᠨ ᠣᠳᠣᠬᠢᠴᠢᠯᠠᠬᠤ ᠪᠦᠳᠦᠭᠡᠨ ᠪᠠᠶᠢᠭᠤᠯᠤᠯᠲᠠ ᠶᠢ ᠠᠬᠢᠭᠤᠯᠬᠤ ᠳᠤ ᠰᠢᠢᠳᠪᠦᠷᠢᠯᠡᠭᠴᠢ ᠠᠴᠢ ᠬᠤᠯᠪᠣᠭᠳᠠᠯ ᠲᠠᠢ ᠶᠤᠮ︔ ᠨᠠᠮ ᠢ ᠪᠦᠬᠦ ᠲᠠᠯ᠎ᠠ ᠪᠠᠷ ᠴᠢᠩᠭ᠎ᠠ ᠵᠠᠰᠠᠬᠤ ᠪᠣᠯ ᠰᠢᠨ᠎ᠡ ᠴᠠᠭ ᠦᠶ᠎ᠡ ᠶᠢᠨ ᠨᠠᠮ ᠤᠨ ᠥᠪᠡᠷ ᠤᠨ ᠪᠡᠶ᠎ᠡ ᠳᠡᠭᠡᠨ ᠬᠤᠪᠢᠰᠬᠠᠯ  ᠬᠢᠬᠦ ᠠᠭᠤᠤ ᠶᠡᠭᠡ ᠦᠢᠯᠡᠳᠦᠯᠭᠡ ᠮᠥᠨ᠂ ᠨᠠᠮ ᠤᠨ ᠠᠮᠢᠵᠢᠷᠠᠯ ᠤᠨ ᠬᠦᠴᠦᠨ ᠢᠶᠠᠨ ᠡᠭᠦᠷᠢᠳᠡ ᠪᠠᠲᠤᠯᠠᠵᠤ᠂ ᠰᠢᠨ᠎ᠡ  ᠰᠢᠯᠭᠠᠯᠲᠠ ᠶᠢᠨ ᠵᠠᠮ ᠢᠶᠠᠷ ᠰᠠᠶᠢᠲᠤᠷ ᠵᠠᠮᠨᠠᠬᠤ ᠳᠤ ᠵᠠᠪᠠᠯ ᠶᠠᠪᠤᠬᠤ ᠵᠠᠮ ᠮᠥᠨ ᠭᠡᠳᠡᠭ ᠢ  ᠨᠢᠭᠡ  ᠵᠢᠯ ᠤᠨ  ᠲᠤᠷᠰᠢᠬᠢ  ᠦᠢᠯᠡᠳᠦᠯᠭᠡ  ᠳᠠᠬᠢᠨᠲᠠ ᠭᠡᠷᠡᠴᠢᠯᠡᠪᠡ᠃                 ᠤᠯᠤᠰ ᠢ ᠵᠠᠰᠠᠬᠤ ᠳᠤ ᠡᠷᠬᠡᠪᠰᠢ ᠤᠷᠢᠳ  ᠢᠶᠠᠷ  ᠨᠠᠮ ᠢ  ᠵᠠᠰᠠᠬᠤ  ᠬᠡᠷᠡᠭᠲᠡᠢ᠂  ᠨᠠᠮ  ᠮᠠᠨᠳᠤᠪᠠᠯ  ᠰᠠᠶ᠋ᠢ  ᠤᠯᠤᠰ ᠬᠦᠴᠦᠷᠬᠡᠭᠵᠢᠵᠦ ᠴᠢᠳᠠᠨ᠎ᠠ᠃ ᠢᠷ ᠢ ᠳᠣᠲᠣᠭᠰᠢ ᠬᠠᠨᠳᠤᠭᠤᠯᠵᠤ᠂  ᠶᠠᠰᠤ ᠶᠢ  ᠬᠤᠰᠤᠨ  ᠬᠤᠣᠷ ᠢ  ᠠᠷᠢᠯᠭᠠᠵᠤ᠂  ᠬᠦᠴᠦᠲᠡᠢ ᠡᠮ ᠢᠶᠠᠷ ᠠᠷᠬᠠᠭ ᠢ ᠠᠷᠢᠯᠭᠠᠵᠤ᠂ ᠬᠠᠳᠠᠭᠤ ᠬᠠᠤᠯᠢ ᠪᠠᠷ ᠲᠤᠶᠢᠳᠦᠭᠰᠡᠳ ᠢ ᠵᠠᠰᠠᠵᠤ᠂  ᠰᠢᠨ᠎ᠡ  ᠴᠠᠭ  ᠦᠶ᠎ᠡ ᠠᠴᠠ  ᠨᠠᠭᠠᠰᠢ᠂ ᠰᠢ ᠶᠢᠨ ᠫᠢᠩ ᠨᠥᠬᠦᠷ ᠢᠶᠠᠷ ᠭᠤᠤᠯᠯᠠᠭᠤᠯᠤᠬᠰᠠᠨ ᠨᠠᠮ ᠤᠨ ᠲᠥᠪ ᠬᠤᠷᠢᠶ᠎ᠠ  ᠨᠠᠮ ᠢ  ᠪᠦᠬᠦ  ᠲᠠᠯ᠎ᠠ ᠪᠠᠷ  ᠴᠢᠩᠭ᠎ᠠ  ᠵᠠᠰᠠᠬᠤ ᠶᠢ ︽ᠲᠦᠷᠪᠡᠨ ᠪᠦᠬᠦ ᠲᠠᠯ᠎ᠠ︾ ᠶᠢᠨ ᠪᠠᠶᠢᠯᠳᠤᠬᠤ ᠪᠤᠳᠤᠯᠭ᠎ᠠ ᠶᠢᠨ ᠪᠠᠶᠢᠷᠢᠰᠢᠭᠤᠯᠤᠯᠲᠠ ᠳᠤ ᠣᠷᠣᠭᠤᠯᠵᠤ᠂ ᠤᠷᠢᠳ ᠡᠮᠦᠨ᠎ᠡ ᠪᠠᠶᠢᠭ᠎ᠠ ᠦᠭᠡᠢ ᠰᠥᠰᠥ ᠵᠣᠷᠢᠭ ᠪᠣᠯᠤᠨ ᠲᠣᠭᠲᠠᠯ ᠬᠦᠴᠦᠨ ᠢᠶᠠᠷ ᠨᠠᠮ ᠤᠨ  ᠰᠤᠷᠲᠠᠯ  ᠴᠢᠬᠡᠴᠢ  ᠵᠠᠰᠠᠭ ᠤᠨ  ᠪᠠᠶᠢᠭᠤᠯᠤᠯᠲᠠ  ᠪᠣᠯᠤᠨ ᠢᠯᠵᠠᠷᠠᠯ ᠢ ᠡᠰᠡᠷᠭᠦᠴᠡᠬᠦ ᠲᠡᠮᠡᠴᠡᠯ ᠢ ᠠᠬᠢᠭᠤᠯᠵᠤ᠂ ᠨᠠᠮ ᠢ ᠬᠤᠪᠢᠰᠬᠠᠯᠲᠤ ᠴᠢᠨᠠᠷᠲᠠᠢ ᠳᠠᠪᠲᠠᠯᠲᠠ  ᠶᠢᠨ  ᠳᠤᠮᠳᠠ  ᠨᠡᠩ  ᠡᠷᠡᠰ ᠴᠢᠩᠭ᠎ᠠ ᠬᠦᠴᠦᠨ ᠲᠠᠢ᠂ ᠨᠡᠩ  ᠠᠮᠢᠵᠢᠷᠠᠯ ᠤᠨ  ᠬᠦᠴᠦᠨ ᠲᠠᠢ  ᠪᠣᠯᠭᠠᠪᠠ᠃  ᠥᠩᠭᠡᠷᠡᠭᠰᠡᠨ  ᠨᠢᠭᠡ  ᠵᠢᠯ ᠳᠤ᠂  ᠴᠥᠬᠦᠷᠡᠰᠢ ᠦᠭᠡᠢ ᠪᠠᠷ ᠨᠠᠮ ᠤᠨ ᠰᠢᠨ᠎ᠡ ᠶᠢ ᠡᠭᠦᠳᠦᠭᠰᠡᠨ ᠤᠨᠤᠯ ᠢᠶᠠᠷ  ᠰᠡᠳᠬᠢᠯ ᠢ  ᠨᠢᠭᠲᠠᠷᠠᠭᠤᠯᠤᠨ  ᠰᠦᠭ  ᠰᠦᠨᠡᠰᠦ ᠶᠢ  ᠱᠤᠭᠤᠵᠤ᠂ ᠰᠤᠷᠤᠯᠴᠠᠯᠭ᠎ᠠ ᠪᠠᠷ   ᠰᠦᠭ   ᠰᠦᠨᠡᠰᠦ ᠶᠢ   ᠱᠤᠭᠤᠬᠤ᠂   ᠰᠤᠷᠤᠯᠴᠠᠯᠭ᠎ᠠ ᠪᠠᠷ   ᠤᠶᠤᠨ   ᠤᠬᠠᠭᠠᠨ ᠢ   ᠨᠡᠮᠡᠭᠳᠡᠭᠦᠯᠬᠦ᠂ ᠰᠤᠷᠤᠯᠴᠠᠯᠭ᠎ᠠ ᠪᠠᠷ ᠰᠤᠷᠲᠠᠯ ᠢ ᠲᠥᠪ ᠪᠣᠯᠭᠠᠬᠤ᠂ ᠰᠤᠷᠤᠯᠴᠠᠯᠭ᠎ᠠ ᠪᠠᠷ ᠠᠵᠢᠯ ᠢ ᠠᠬᠢᠭᠤᠯᠬᠤ ᠲᠠᠯ᠎ᠠ ᠪᠠᠷ ᠦᠨᠡᠨ ᠪᠣᠳᠠᠲᠠᠢ ᠦᠷ᠎ᠡ ᠪᠦᠲᠦᠮᠵᠢ ᠣᠯᠤᠭᠰᠠᠨ ᠠᠴᠠ ᠠᠪᠤᠭᠠᠳ ᠨᠠᠮ ᠤᠨ ᠭᠤᠣᠯ  ᠡᠭᠦᠷᠭᠡ ᠶᠢᠨ  ᠲᠣᠭᠤᠷᠢᠨ ᠳᠤ᠂  ᠤᠯᠤᠰ  ᠲᠦᠷᠦ ᠶᠢᠨ  ᠬᠢᠨᠠᠯᠲᠠ ᠲᠠᠯᠪᠢᠯᠲᠠ ᠶᠢ ᠪᠣᠳᠠᠲᠠᠶᠢᠵᠢᠭᠤᠯᠬᠤ᠂ ᠤᠨᠤᠴᠠᠳᠠᠢ ᠪᠣᠯᠭᠠᠬᠤ᠂ ᠪᠠᠶᠢᠩᠭᠤᠵᠢᠭᠤᠯᠬᠤ ᠶᠢ ᠬᠦᠴᠦᠯᠡᠨ ᠠᠬᠢᠭᠤᠯᠤᠭᠰᠠᠨ  ᠬᠦᠷᠲᠡᠯ᠎ᠡ︔ ᠪᠢᠴᠢᠭ ᠮᠠᠲ᠋ᠧᠷᠢᠶᠠᠯ ᠬᠤᠷᠠᠯ ᠴᠤᠭᠯᠠᠭ᠎ᠠ  ᠣᠯᠠᠰᠢᠷᠠᠬᠤ᠂  ᠱᠠᠳᠤ  ᠱᠠᠳᠤ ᠪᠠᠷ  ᠡᠭᠦᠷᠭᠡ  ᠳᠠᠷᠤᠭᠠᠰᠤ  ᠨᠡᠮᠡᠬᠦ᠂  ᠬᠡᠳᠤ  ᠤᠷᠤᠮ ᠦᠯᠡᠳᠡᠭᠡᠬᠦ ᠵᠡᠷᠭᠡ  ᠠᠰᠠᠭᠤᠳᠠᠯ ᠢ  ᠴᠢᠩᠭ᠎ᠠ  ᠵᠠᠯᠠᠷᠠᠭᠤᠯᠵᠤ᠂  ᠬᠡᠯᠪᠡᠷᠢᠴᠢ  ᠦᠵᠡᠯ᠂  ᠨᠣᠶᠠᠨᠴᠢ  ᠰᠤᠷᠲᠠᠯ ᠤᠨ  ᠲᠤᠪᠤᠶᠢᠮ᠎ᠠ ᠠᠰᠠᠭᠤᠳᠠᠯ ᠢ ᠬᠦᠴᠦᠯᠡᠨ ᠴᠡᠭᠴᠡᠯᠡᠨ ᠵᠠᠰᠠᠬᠰᠠᠨ ᠠᠴᠠ ᠠᠪᠤᠭᠠᠳ ᠨᠠᠮ ᠤᠨ  ᠭᠡᠰᠢᠭᠦᠨ᠂  ᠺᠠᠳ᠋ᠷ ᠤᠨ  ᠡᠩᠨᠡᠭᠡᠨ ᠳᠠᠬᠢ  ᠪᠦᠲᠦᠯ ᠦᠭᠡᠢ ᠬᠥᠮᠦᠰ ᠢ ᠡᠷᠡᠰ ᠴᠡᠪᠡᠷᠯᠡᠨ ᠠᠷᠢᠯᠭᠠᠵᠤ᠂ ᠨᠠᠮ ᠤᠨ ᠭᠡᠰᠢᠭᠦᠨ᠂ ᠺᠠᠳ᠋ᠷ ᠤᠨ ᠬᠢᠨᠠᠯᠲᠠ ᠬᠠᠮᠢᠶᠠᠷᠤᠯᠲᠠ ᠶᠢ ᠴᠢᠩᠭ᠎ᠠ ᠪᠣᠳᠠᠲᠠᠢ ᠴᠢᠩᠭᠠᠳᠬᠠᠬᠰᠠᠨ  ᠬᠦᠷᠲᠡᠯ᠎ᠡ᠂  ᠮᠠᠨ ᠤ  ᠨᠠᠮ ᠤᠨ  ᠨᠠᠮ ᠢ  ᠪᠦᠬᠦ  ᠲᠠᠯ᠎ᠠ ᠪᠠᠷ  ᠴᠢᠩᠭ᠎ᠠ  ᠵᠠᠰᠠᠬᠤ ᠶᠢ   ᠨᠠᠮ ᠤᠨ   ᠤᠷᠳᠤ ᠬᠤᠭᠤᠴᠠᠭᠠᠨ ᠤ ᠪᠠᠶᠢᠯᠳᠤᠬᠤ ᠪᠤᠳᠤᠯᠭ᠎ᠠ᠂ ᠥᠨᠢᠳᠡ ᠶᠢᠨ ᠰᠡᠳᠦᠪ ᠪᠤᠯᠭᠠᠵᠤ᠂ ᠴᠢᠩᠭ᠎ᠠ ᠪᠠᠶᠢᠯᠭᠠᠬᠤ ᠦᠨᠳᠦᠰᠦᠨ ᠬᠦᠭ ᠠᠶᠠᠰ᠂ ᠴᠢᠩᠭ᠎ᠠ ᠪᠠᠶᠢᠯᠭᠠᠬᠤ ᠠᠷᠭ᠎ᠠ ᠬᠡᠮᠵᠢᠶ᠎ᠡ᠂ ᠴᠢᠩᠭ᠎ᠠ ᠪᠠᠶᠢᠯᠭᠠᠬᠤ ᠠᠭᠤᠷ ᠠᠮᠢᠰᠬᠤᠯ ᠢ ᠤᠷᠳᠤ ᠬᠤᠭᠤᠴᠠᠭ᠎ᠠ ᠪᠠᠷ ᠪᠠᠷᠢᠮᠲᠠᠯᠠᠬᠤ ᠡᠷᠡᠰ ᠪᠠᠲᠤ ᠵᠣᠷᠢᠭ ᠪᠣᠯᠤᠨ ᠪᠠᠲᠤ ᠴᠢᠩᠭ᠎ᠠ ᠰᠥᠰᠥ ᠵᠣᠷᠢᠭ ᠢ ᠭᠦᠢᠴᠡᠳ ᠢᠯᠡᠷᠡᠭᠦᠯᠪᠡ᠃                ᠶᠡᠷᠦᠩᠬᠡᠢ ᠱᠦᠵᠢ ᠰᠢ ᠶᠢᠨ ᠫᠢᠩ᠄ ︽ᠰᠢᠨ᠎ᠡ ᠴᠠᠭ ᠦᠶ᠎ᠡ ᠶᠢᠨ ᠠᠷᠪᠠᠨ ᠵᠢᠯ ᠤᠨ ᠨᠠᠮ ᠢ ᠪᠦᠬᠦ ᠲᠠᠯ᠎ᠠ ᠪᠠᠷ  ᠴᠢᠩᠭ᠎ᠠ ᠵᠠᠰᠠᠬᠤ ᠦᠢᠯᠡᠳᠦᠯᠭᠡ ᠪᠣᠯᠤᠨ ᠤᠨᠤᠯ ᠤᠨ ᠰᠦᠪᠡᠭᠴᠢᠯᠡᠯᠳᠡ  ᠶᠢᠨ  ᠳᠤᠮᠳᠠ᠂  ᠪᠢᠳᠡ  ᠨᠠᠮ ᠤᠨ  ᠥᠪᠡᠷ ᠤᠨ  ᠪᠡᠶ᠎ᠡ ᠳᠡᠭᠡᠨ ᠬᠤᠪᠢᠰᠬᠠᠯ ᠬᠢᠬᠦ ᠲᠤᠬᠠᠢ ᠲᠠᠨᠢᠯᠲᠠ ᠪᠠᠨ ᠲᠠᠰᠤᠷᠠᠯᠳᠡ  ᠦᠭᠡᠢ  ᠭᠦᠨᠵᠡᠭᠡᠶᠢᠷᠡᠭᠦᠯᠵᠦ᠂  ᠡᠯᠪᠡᠭ  ᠪᠠᠶᠠᠯᠢᠭ  ᠦᠢᠯᠡᠳᠦᠯᠭᠡ ᠶᠢᠨ ᠲᠤᠷᠰᠢᠯᠭ᠎ᠠ ᠬᠤᠷᠠᠮᠳᠤᠭᠤᠯᠵᠤ᠂ ᠠᠯᠢ ᠤᠯᠠᠨ ᠴᠢᠬᠤᠯᠠ ᠤᠨᠤᠯ ᠤᠨ ᠦᠷ᠎ᠡ ᠪᠦᠲᠦᠭᠡᠯ ᠢ ᠪᠦᠷᠢᠯᠳᠦᠭᠦᠯᠵᠦ᠂  ᠮᠠᠨ ᠤ  ᠨᠠᠮ ᠤᠨ ᠶᠠᠭᠤᠨ ᠳᠤ ᠥᠪᠡᠷ ᠤᠨ ᠪᠡᠶ᠎ᠡ ᠳᠡᠭᠡᠨ ᠬᠤᠪᠢᠰᠬᠠᠯ ᠬᠢᠬᠦ᠂ ᠶᠠᠭᠤᠨ ᠳᠤ ᠥᠪᠡᠷ ᠤᠨ ᠪᠡᠶ᠎ᠡ ᠳᠡᠭᠡᠨ ᠬᠤᠪᠢᠰᠬᠠᠯ ᠬᠢᠵᠦ  ᠲᠡᠶᠢᠯᠭᠦ᠂ ᠥᠪᠡᠷ ᠤᠨ ᠪᠡᠶ᠎ᠡ ᠳᠡᠭᠡᠨ ᠬᠤᠪᠢᠰᠬᠠᠯ ᠬᠢᠬᠦ ᠶᠢ ᠬᠡᠷᠬᠢᠨ ᠠᠬᠢᠭᠤᠯᠬᠤ ᠵᠡᠷᠭᠡ ᠴᠢᠬᠤᠯᠠ  ᠶᠡᠭᠡ  ᠠᠰᠠᠭᠤᠳᠠᠯ ᠳᠤ  ᠰᠢᠰᠲ᠋ᠧᠮ ᠲᠠᠢ ᠬᠠᠷᠢᠭᠤᠯᠲᠠ ᠥᠭᠴᠡᠢ︾ ᠭᠡᠵᠦ ᠴᠢᠬᠤᠯᠠᠴᠢᠯᠠᠪᠠ᠃ ᠰᠢᠨ᠎ᠡ ᠴᠠᠭ ᠦᠶ᠎ᠡ ᠳᠤ ᠨᠠᠮ ᠢ ᠪᠦᠬᠦ ᠲᠠᠯ᠎ᠠ ᠪᠠᠷ ᠴᠢᠩᠭ᠎ᠠ ᠵᠠᠰᠠᠬᠤ  ᠠᠵᠢᠯ ᠲᠡᠦᠬᠡᠲᠦ ᠴᠢᠨᠠᠷᠲᠠᠢ᠂ ᠪᠦᠲᠦᠭᠡᠯᠴᠢ ᠴᠢᠨᠠᠷᠲᠠᠢ ᠠᠮᠵᠢᠯᠲᠠ ᠣᠯᠵᠤ᠂  ᠪᠦᠬᠦ  ᠲᠠᠯ᠎ᠠ ᠶᠢᠨ᠂  ᠭᠦᠨ  ᠳᠠᠪᠬᠤᠷᠭ᠎ᠠ ᠶᠢᠨ  ᠨᠥᠯᠥᠭᠡ ᠭᠠᠷᠴᠠᠢ᠂ ᠡᠭᠦᠨ ᠤ ᠦᠨᠳᠦᠰᠦ ᠨᠢ ᠶᠡᠷᠦᠩᠬᠡᠢ ᠱᠦᠵᠢ ᠰᠢ ᠶᠢᠨ  ᠫᠢᠩ  ᠵᠠᠯᠠᠭᠤᠷ ᠢ  ᠠᠳᠬᠤᠨ  ᠠᠶᠠᠯᠠᠯ  ᠢ  ᠵᠢᠯᠣᠭᠤᠳᠴᠤ᠂ ᠰᠢ ᠶᠢᠨ ᠫᠢᠩ ᠤᠨ  ᠰᠢᠨ᠎ᠡ  ᠴᠠᠭ  ᠦᠶ᠎ᠡ ᠶᠢᠨ  ᠳᠤᠮᠳᠠᠳᠤ  ᠤᠯᠤᠰ ᠤᠨ  ᠣᠨᠴᠠᠯᠢᠭ ᠲᠠᠢ  ᠨᠡᠶᠢᠭᠡᠮ  ᠵᠢᠷᠤᠮ ᠤᠨ  ᠦᠵᠡᠯ ᠰᠠᠨᠠᠭ᠎ᠠ ᠶᠢᠨ ᠰᠢᠨᠵᠢᠯᠡᠬᠦ ᠤᠬᠠᠭᠠᠨᠴᠢ ᠵᠢᠯᠤᠭᠤᠳᠤᠯᠭ᠎ᠠ ᠪᠠᠶᠢᠬᠰᠠᠨ ᠳᠤ ᠤᠷᠤᠰᠢᠨ᠎ᠠ᠃ ᠶᠡᠷᠦᠩᠬᠡᠢ  ᠱᠦᠵᠢ  ᠰᠢ ᠶᠢᠨ  ᠫᠢᠩ ᠤᠨ ᠨᠠᠮ ᠤᠨ ᠥᠪᠡᠷ ᠤᠨ ᠪᠡᠶ᠎ᠡ ᠳᠡᠭᠡᠨ ᠬᠤᠪᠢᠰᠬᠠᠯ ᠬᠢᠬᠦ ᠲᠤᠬᠠᠢ ᠴᠢᠬᠤᠯᠠ ᠦᠵᠡᠯ ᠰᠠᠨᠠᠭ᠎ᠠ ᠨᠢ ᠪᠢᠳᠡᠨ ᠳᠤ ᠰᠠᠮᠠᠭᠤᠷᠠᠯ ᠢ  ᠵᠠᠰᠠᠵᠤ ᠮᠠᠨᠳᠤᠵᠤ ᠪᠠᠭᠤᠷᠠᠬᠤ ᠲᠡᠦᠬᠡ ᠶᠢᠨ ᠦᠶᠡᠯᠡᠯ ᠤᠨ  ᠨᠤᠷᠮ᠎ᠠ ᠠᠴᠠ  ᠲᠠᠪᠠᠵᠤ  ᠭᠠᠷᠬᠤ  ᠬᠤᠶᠠᠳᠤᠭᠠᠷ  ᠬᠠᠷᠢᠭᠤᠯᠲᠠ ᠶᠢ  ᠡᠷᠢᠵᠦ ᠤᠯᠵᠠᠢ᠂ ᠡᠨᠡ ᠨᠢ ᠮᠠᠨ ᠤ ᠨᠠᠮ ᠤᠨ ᠮᠠᠷᠺᠰ ᠤᠨ ᠦᠵᠡᠯ ᠤᠨ ᠲᠦᠷᠦ ᠶᠢᠨ ᠨᠠᠮ ᠤᠨ ᠪᠠᠶᠢᠭᠤᠯᠤᠯᠲᠠ ᠶᠢᠨ ᠵᠢᠮ᠎ᠡ ᠶᠣᠰᠣ᠂  ᠡᠪ ᠬᠠᠮᠲᠤ ᠨᠠᠮ ᠤᠨ ᠲᠦᠷᠦ ᠪᠠᠷᠢᠬᠤ ᠵᠢᠮ᠎ᠡ ᠶᠣᠰᠣᠨ ᠤ ᠲᠤᠬᠠᠢ ᠲᠠᠨᠢᠯᠲᠠ ᠰᠢᠨ᠎ᠡ ᠦᠨᠳᠦᠷᠴᠡ ᠳᠤ ᠬᠦᠷᠦᠭᠰᠡᠨ  ᠢ  ᠬᠠᠷᠠᠭᠤᠯᠵᠤ᠂ ᠵᠠᠭᠤᠨ ᠵᠢᠯ ᠤᠨ ᠲᠤᠮᠤ ᠨᠠᠮ ᠢ ᠵᠢᠯᠣᠭᠤᠳᠤᠨ ᠥᠪᠡᠷ ᠤᠨ ᠪᠡᠶ᠎ᠡ ᠳᠡᠭᠡᠨ ᠬᠤᠪᠢᠰᠬᠠᠯ ᠬᠢᠬᠦ ᠰᠢᠨ᠎ᠡ ᠠᠬᠤᠢ ᠪᠠᠶᠢᠳᠠᠯ ᠢ ᠨᠡᠭᠡᠭᠡᠭᠰᠡᠨ ᠪᠠᠶᠢᠨ᠎ᠠ᠃ ᠰᠢᠨ᠎ᠡ ᠠᠶᠠᠨ ᠵᠠᠮ ᠳᠤ᠂ ᠡᠨᠡ ᠬᠦ ᠴᠢᠬᠤᠯᠠ ᠦᠵᠡᠯ ᠰᠠᠨᠠᠭ᠎ᠠ ᠶᠢ  ᠭᠦᠨᠵᠡᠭᠡᠶ  ᠰᠤᠷᠤᠯᠴᠠᠨ  ᠣᠶᠢᠯᠠᠭᠠᠵᠤ᠂  ᠪᠥᠬᠦ ᠲᠠᠯ᠎ᠠ ᠪᠠᠷ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠨᠠᠮ ᠤᠨ ᠲᠡᠷᠢᠭᠦᠨ ᠤ ᠴᠢᠨᠠᠷ ᠪᠠ ᠴᠡᠪᠡᠷ ᠴᠢᠨᠠᠷ ᠢ ᠬᠤᠬᠢᠷᠠᠭᠤᠯᠬᠤ  ᠠᠯᠢᠪᠠ ᠬᠤᠤᠷᠲᠤ ᠬᠦᠴᠦᠨ ᠵᠦᠢᠯ ᠢ  ᠲᠠᠰᠤᠷᠠᠯᠲᠠ  ᠥᠬᠡᠶ  ᠠᠷᠢᠯᠭᠠᠵᠤ᠂  ᠨᠠᠮ ᠤᠨ  ᠡᠷᠡᠭᠦᠯ  ᠴᠣᠭᠴᠠᠰ ᠢ  ᠢᠳᠡᠭᠳᠡᠭᠦᠯᠬᠦ  ᠠᠯᠢᠪᠠ ᠡᠪᠡᠳᠴᠢᠨ ᠡᠭᠦᠰᠭᠡᠭᠴᠢ ᠶᠢ ᠲᠠᠰᠤᠷᠠᠯᠲᠠ ᠥᠬᠡᠶ ᠠᠷᠢᠯᠭᠠᠪᠠᠯ᠂ ᠪᠢᠳᠡ ᠯᠠᠪᠲᠠᠶ ᠨᠠᠮ ᠤᠨ ᠴᠢᠨᠠᠷ ᠥᠯᠥ  ᠬᠤᠪᠢᠷᠠᠬᠤ᠂  ᠥᠩᠭᠡ ᠥᠯᠥ ᠬᠤᠪᠢᠷᠠᠬᠤ᠂ ᠦᠨᠦᠷ ᠥᠯᠥ ᠬᠤᠪᠢᠷᠠᠬᠤ ᠶᠢ ᠦᠨᠡᠨ ᠬᠦ ᠪᠠᠲᠤᠯᠠᠵᠤ᠂ ᠨᠠᠮ ᠤᠨ ᠰᠢᠨ᠎ᠡ  ᠴᠠᠭ  ᠦᠶ᠎ᠡ ᠳᠤ  ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠢ ᠪᠠᠷᠢᠮᠲᠠᠯᠠᠨ ᠬᠥᠭᠵᠢᠭᠦᠯᠬᠦ ᠲᠡᠦᠬᠡᠨ ᠠᠬᠢᠴᠠ ᠳᠤᠮᠳᠠ ᠢᠮᠠᠭᠲᠠ ᠪᠠᠲᠤ  ᠴᠢᠩᠭ᠎ᠠ ᠤᠳᠤᠷᠢᠳᠬᠤ ᠭᠤᠤᠯᠯᠠᠭᠴᠢ ᠪᠣᠯᠬᠤ ᠶᠢ ᠦᠨᠡᠨ ᠬᠦ ᠪᠠᠲᠤᠯᠠᠵᠤ ᠴᠢᠳᠠᠨ᠎ᠠ᠃               ᠳᠤᠮᠳᠠᠳᠤ  ᠤᠯᠤᠰ ᠤᠨ  ᠮᠠᠶ᠋ᠢᠭ  ᠤᠨ  ᠣᠳᠣᠬᠢᠴᠢᠯᠠᠯᠲᠠ ᠪᠠᠷ  ᠤᠯᠤᠰ  ᠢᠶᠠᠨ  ᠬᠦᠴᠦᠷᠭᠡᠭᠵᠢᠬᠦᠯᠬᠦ   ᠪᠦᠳᠦᠭᠡᠨ ᠪᠠᠶᠢᠭᠤᠯᠤᠯᠲᠠ᠂ ᠦᠨᠳᠦᠰᠦᠲᠡᠨ ᠤ ᠰᠡᠷᠭᠦᠨ ᠮᠠᠨᠳᠤᠯᠲᠠ ᠶᠢᠨ ᠠᠭᠤᠤ ᠦᠢᠯᠡᠰ ᠢ ᠪᠦᠬᠦ ᠲᠠᠯ᠎ᠠ ᠪᠠᠷ  ᠠᠬᠢᠭᠤᠯᠬᠤ  ᠪᠣᠯ  ᠰᠢᠨ᠎ᠡ ᠴᠠᠭ ᠦᠶ᠎ᠡ ᠰᠢᠨ᠎ᠡ ᠠᠶᠠᠨ ᠳᠠᠬᠢ ᠨᠠᠮ ᠪᠣᠯᠤᠨ ᠤᠯᠤᠰ ᠤᠨ ᠭᠤᠣᠯ ᠡᠭᠦᠷᠭᠡ ᠮᠥᠨ᠂ ᠰᠢᠨ᠎ᠡ  ᠴᠠᠭ  ᠦᠶ᠎ᠡ ᠶᠢᠨ  ᠬᠠᠮᠤᠭ ᠤᠨ ᠶᠡᠭᠡ ᠤᠯᠤᠰ ᠲᠦᠷᠦ ᠮᠥᠨ᠃ ᠳᠤᠮᠳᠠᠳᠤ ᠤᠯᠤᠰ ᠤᠨ ᠤᠴᠢᠷ ᠶᠠᠪᠤᠳᠠᠯ ᠢ ᠰᠠᠶᠢᠲᠤᠷ ᠬᠢᠬᠦ ᠶᠢᠨ ᠵᠠᠩᠭᠢᠯᠠᠭ᠎ᠠ ᠨᠢ ᠨᠠᠮ ᠳᠤ ᠪᠤᠢ᠂ ᠵᠠᠩᠭᠢᠯᠠᠭ᠎ᠠ ᠨᠢ ᠨᠠᠮ ᠢ ᠪᠦᠬᠦ ᠲᠠᠯ᠎ᠠ ᠪᠠᠷ ᠴᠢᠩᠭ᠎ᠠ ᠵᠠᠰᠠᠬᠤ ᠳᠤ ᠪᠤᠢ᠃ ᠦᠵᠡᠯ ᠰᠠᠨᠠᠭ᠎ᠠ ᠪᠠ ᠦᠢᠯᠡ ᠠᠵᠢᠯᠯᠠᠭ᠎ᠠ ᠪᠠᠨ ᠶᠡᠷᠦᠩᠬᠡᠢ ᠱᠦᠵᠢ ᠰᠢ ᠶᠢᠨ ᠫᠢᠩ ᠤᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠪᠠ ᠨᠠᠮ ᠤᠨ ᠲᠥᠪ ᠬᠤᠷᠢᠶᠠᠨ ᠤ ᠰᠢᠢᠳᠪᠦᠷᠢᠲᠦ ᠪᠤᠳᠤᠯᠭ᠎ᠠ ᠪᠠᠶᠢᠷᠢᠯᠠᠭᠤᠯᠤᠯᠲᠠ ᠳᠡᠭᠡᠷ᠎ᠡ ᠨᠢᠭᠡᠳᠬᠡᠵᠦ᠂ ᠲᠤᠮᠤ ᠨᠠᠮ ᠤᠨ ᠥᠪᠡᠷᠮᠢᠴᠡ ᠬᠦᠴᠢᠷ ᠠᠰᠠᠭᠤᠳᠠᠯ ᠢ ᠰᠢᠢᠳᠪᠦᠷᠢᠯᠡᠬᠦ ᠰᠡᠷᠭᠡᠭ  ᠴᠢᠨᠠᠷ ᠪᠠ ᠡᠷᠡᠰ ᠪᠠᠲᠤ ᠴᠢᠨᠠᠷ ᠢ ᠴᠠᠭ ᠢᠮᠠᠭᠲᠠ ᠪᠠᠲᠤᠯᠠᠵᠤ᠂ ᠪᠦᠬᠦ ᠲᠠᠯ᠎ᠠ ᠪᠠᠷ ᠨᠠᠮ ᠢ  ᠴᠢᠩᠭ᠎ᠠ  ᠵᠠᠰᠠᠬᠤ᠂  ᠨᠠᠮ ᠤᠨ  ᠥᠪᠡᠷ ᠤᠨ ᠪᠡᠶ᠎ᠡ ᠳᠡᠭᠡᠨ ᠬᠤᠪᠢᠰᠬᠠᠯ ᠬᠢᠬᠦ ᠶᠢ ᠭᠦᠨᠵᠡᠭᠡᠢ ᠠᠬᠢᠭᠤᠯᠵᠤ᠂ ︽ᠶᠢᠰᠦᠨ ᠲᠠᠯ᠎ᠠ ᠶᠢᠨ︾ ᠦᠢᠯᠡᠳᠦᠯᠭᠡ ᠶᠢᠨ ᠱᠠᠭᠠᠷᠳᠠᠯᠭ᠎ᠠ ᠶᠢ ᠪᠠᠲᠤ ᠡᠵᠡᠮᠳᠡᠵᠦ᠂ ᠨᠠᠮ ᠤᠨ ᠥᠪᠡᠷ ᠤᠨ ᠪᠡᠶ᠎ᠡ ᠳᠡᠭᠡᠨ ᠬᠤᠪᠢᠰᠬᠠᠯ ᠬᠢᠬᠦ ᠰᠡᠳᠬᠢᠴᠡ ᠠᠷᠭ᠎ᠠ  ᠬᠡᠮᠵᠢᠶ᠎ᠡ ᠶᠢ  ᠨᠡᠩ  ᠨᠢᠭᠲᠠ  ᠴᠢᠩᠭ᠎ᠠ ᠪᠣᠯᠭᠠᠵᠤ᠂ ᠹᠷᠣᠨᠲ  ᠨᠢᠭᠡᠪᠦᠷᠢ᠂  ᠭᠤᠭᠴᠤᠭ᠎ᠠ  ᠨᠢᠭᠡᠪᠦᠷᠢ ᠶᠢᠨ  ᠥᠪᠡᠷ ᠤᠨ  ᠪᠡᠶ᠎ᠡ ᠳᠡᠭᠡᠨ  ᠬᠤᠪᠢᠰᠬᠠᠯ  ᠬᠢᠬᠦ ᠶᠢ  ᠪᠣᠳᠠᠲᠠᠢ ᠠᠳᠬᠤᠵᠤ᠂ ᠭᠦᠨᠵᠡᠭᠡᠢ ᠠᠳᠬᠤᠵᠤ᠂ ᠨᠠᠮ ᠢᠶᠠᠨ ᠨᠡᠩ ᠪᠠᠲᠤ ᠴᠢᠩᠭ᠎ᠠ ᠬᠦᠴᠦᠨ ᠲᠠᠢ ᠪᠣᠯᠭᠠᠨ ᠪᠠᠶᠢᠭᠤᠯᠬᠤ ᠬᠡᠷᠡᠭᠲᠡᠢ᠃  ᠰᠢᠨ᠎ᠡ ᠠᠶᠠᠨ  ᠳᠠᠬᠢ  ᠢᠯᠵᠠᠷᠠᠯ  ᠢ  ᠡᠰᠡᠷᠭᠦᠴᠡᠬᠦ  ᠲᠡᠮᠡᠴᠡᠯ ᠤᠨ  ᠶᠡᠷᠦᠩᠬᠡᠢ  ᠱᠠᠭᠠᠷᠳᠠᠯᠭ᠎ᠠ  ᠪᠣᠯᠤᠨ  ᠪᠠᠶᠢᠯᠳᠤᠬᠤ  ᠪᠤᠳᠤᠯᠭ᠎ᠠ ᠶᠢᠨ ᠪᠠᠶᠢᠷᠢᠯᠠᠭᠤᠯᠤᠯᠲᠠ ᠶᠢ ᠣᠨᠣᠪᠴᠢᠲᠠᠢ ᠡᠵᠡᠮᠳᠡᠵᠦ᠂ ᠢᠯᠵᠠᠷᠠᠯ ᠤᠨ ᠡᠭᠦᠰᠦᠨ ᠳᠡᠯᠭᠡᠷᠡᠬᠦ ᠬᠥᠷᠥᠰᠥ ᠰᠢᠷᠣᠢ  ᠪᠣᠯᠤᠨ  ᠨᠥᠬᠦᠴᠡᠯ ᠢ ᠬᠦᠴᠦ ᠣᠷᠣᠭᠤᠯᠤᠨ ᠠᠷᠢᠯᠭᠠᠵᠤ᠂ ᠢᠯᠵᠠᠷᠠᠬᠤ ᠠᠴᠠ ᠵᠢᠷᠦᠬᠡᠰᠢᠶᠡᠬᠦ᠂ ᠢᠯᠵᠠᠷᠠᠵᠤ ᠪᠣᠯᠬᠤ  ᠦᠭᠡᠢ᠂  ᠢᠯᠵᠠᠷᠠᠬᠤ ᠶᠢ  ᠪᠤᠳᠤᠬᠤ ᠦᠭᠡᠢ᠂ ᠤᠨᠢᠨ ᠳᠡᠭᠡᠷ᠎ᠡ ᠨᠢ ᠬᠦᠴᠦᠯᠡᠵᠦ᠂ ᠦᠷᠭᠦᠯᠵᠢᠯᠡᠨ ᠬᠦᠴᠦᠯᠡᠵᠦ᠂ ᠢᠯᠵᠠᠷᠠᠯ ᠢ  ᠡᠰᠡᠷᠭᠦᠴᠡᠬᠦ  ᠲᠡᠮᠡᠴᠡᠯ ᠤᠨ  ᠪᠣᠭᠤᠮᠲᠠ ᠰᠢᠪᠲᠤᠯᠬᠤ ᠳᠠᠶᠢᠯᠠᠯᠳᠤᠭᠠᠨ ᠤᠳᠠᠭᠠᠨ ᠳᠠᠭᠠᠭᠠᠮᠠᠭᠠᠢ ᠳᠠᠶᠢᠯᠠᠯᠳᠤᠭᠠᠨ ᠤ ᠢᠯᠠᠯᠲᠠ ᠶᠢ ᠡᠷᠡᠰ ᠲᠡᠮᠡᠴᠡᠨ ᠤᠯᠬᠤ ᠬᠡᠷᠡᠭᠲᠡᠢ᠃                ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠠᠵᠢᠯ ᠡᠭᠦᠷᠢᠳᠡ ᠵᠤᠬᠰᠤᠰᠢ ᠦᠭᠡᠢ ᠶᠠᠪᠤᠭᠳᠠᠵᠤ᠂ ᠨᠠᠮ ᠤᠨ  ᠥᠪᠡᠷ ᠤᠨ ᠪᠡᠶ᠎ᠡ ᠳᠡᠭᠡᠨ ᠬᠤᠪᠢᠰᠬᠠᠯ ᠬᠢᠬᠦ ᠠᠵᠢᠯ ᠡᠭᠦᠷᠢᠳᠡ ᠵᠤᠬᠰᠤᠰᠢ  ᠦᠭᠡᠢ  ᠶᠠᠪᠤᠭᠳᠠᠨ᠎ᠠ᠃  ᠪᠢᠳᠠ  ᠰᠢ ᠶᠢᠨ  ᠫᠢᠩ  ᠨᠥᠬᠦᠷ ᠢᠶᠠᠷ ᠭᠤᠤᠯᠯᠠᠭᠤᠯᠤᠬᠰᠠᠨ ᠨᠠᠮ ᠤᠨ ᠲᠥᠪ ᠬᠤᠷᠢᠶᠠᠨ ᠤ ᠲᠣᠭᠤᠷᠢᠨ ᠳᠤ ᠨᠡᠩ ᠨᠢᠭᠲᠠᠷᠠᠨ ᠪᠦᠯᠬᠦᠮᠳᠡᠵᠦ᠂ ᠰᠢ ᠶᠢᠨ ᠫᠢᠩ ᠤᠨ  ᠰᠢᠨ᠎ᠡ ᠴᠠᠭ ᠦᠶ᠎ᠡ ᠶᠢᠨ ᠳᠤᠮᠳᠠᠳᠤ  ᠤᠯᠤᠰ ᠤᠨ  ᠣᠨᠴᠠᠯᠢᠭ ᠲᠠᠢ  ᠨᠡᠶᠢᠭᠡᠮ  ᠵᠢᠷᠤᠮ ᠤᠨ  ᠦᠵᠡᠯ  ᠰᠠᠨᠠᠭ᠎ᠠ ᠪᠠᠷ  ᠵᠢᠯᠤᠭᠤᠳᠤᠯᠭ᠎ᠠ ᠪᠤᠯᠭᠠᠵᠤ᠂ ᠶᠡᠷᠦᠩᠬᠡᠢ ᠱᠦᠵᠢ ᠰᠢ ᠶᠢᠨ ᠫᠢᠩ ᠤᠨ ᠨᠠᠮ ᠤᠨ ᠥᠪᠡᠷ ᠤᠨ ᠪᠡᠶ᠎ᠡ ᠳᠡᠭᠡᠨ  ᠬᠤᠪᠢᠰᠬᠠᠯ  ᠬᠢᠬᠦ  ᠲᠤᠬᠠᠢ  ᠴᠢᠬᠤᠯᠠ ᠦᠵᠡᠯ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠵᠤ᠂  ︽ᠬᠤᠶᠠᠷ ᠢ  ᠲᠣᠭᠲᠠᠭᠠᠬᠰᠠᠨ︾  ᠤ  ᠰᠢᠢᠳᠪᠦᠷᠢᠯᠡᠭᠴᠢ  ᠠᠴᠢ ᠬᠤᠯᠪᠣᠭᠳᠠᠯ ᠢ  ᠭᠦᠨᠵᠡᠭᠡᠶ  ᠣᠶᠢᠯᠠᠭᠠᠵᠤ᠂  ︽ᠳᠥᠷᠪᠡᠨ  ᠤᠬᠠᠮᠰᠠᠷ︾ ᠢ  ᠴᠢᠩᠭᠠᠳᠬᠠᠵᠤ᠂  ︽ᠳᠥᠷᠪᠡᠨ   ᠢᠲᠡᠭᠡᠯ︾ ᠢᠶᠠᠨ ᠪᠠᠲᠤᠳᠬᠠᠵᠤ᠂ ︽ᠬᠤᠶᠠᠷ ᠢ ᠬᠠᠮᠠᠭᠠᠯᠠᠬᠤ︾ ᠶᠢ ᠪᠡᠶᠡᠯᠡᠭᠦᠯᠵᠤ᠂ ᠬᠡᠵᠢᠶᠡᠳᠡ ᠵᠤᠬᠰᠤᠰᠢ ᠦᠭᠡᠢ ᠪᠠᠶᠢᠬᠤ  ᠬᠠᠲᠠᠭᠤ  ᠵᠣᠷᠢᠭ  ᠪᠠ ᠪᠠᠷᠢᠮᠲᠠᠯᠠᠯ ᠢᠶᠠᠷ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠠᠵᠢᠯ ᠢ  ᠭᠦᠨᠵᠡᠭᠡᠶᠢᠷᠡᠬᠦᠯᠦᠨ  ᠬᠦᠭᠵᠢᠬᠦᠯᠬᠦ   ᠶᠢ  ᠠᠬᠢᠭᠤᠯᠵᠤ᠂ ᠨᠠᠮ ᠤᠨ ᠠᠭᠤᠤ ᠶᠡᠭᠡ ᠥᠪᠡᠷ ᠤᠨ ᠬᠤᠪᠢᠰᠬᠠᠯ ᠢ ᠡᠴᠦᠰ ᠲᠤᠨᠢ  ᠲᠤᠯᠲᠠᠯ᠎ᠠ  ᠬᠢᠵᠤ᠂  ᠳᠤᠮᠳᠠᠳᠤ  ᠤᠯᠤᠰ ᠤᠨ  ᠮᠠᠶ᠋ᠢᠭ ᠤᠨ ᠣᠳᠣᠬᠢᠴᠢᠯᠠᠯᠲᠠ ᠪᠠᠷ  ᠤᠯᠤᠰ  ᠢᠶᠠᠨ  ᠬᠦᠴᠦᠷᠭᠡᠭᠵᠢᠬᠦᠯᠬᠦ   ᠪᠦᠲᠦᠭᠡᠨ   ᠪᠠᠶᠢᠭᠤᠯᠤᠯᠲᠠ᠂   ᠦᠨᠳᠦᠰᠦᠲᠡᠨ ᠤ   ᠰᠡᠷᠭᠦᠨ ᠮᠠᠨᠳᠤᠯᠲᠠ ᠶᠢᠨ ᠠᠭᠤᠤ ᠦᠢᠯᠡᠰ  ᠲᠤ ᠪᠠᠲᠤ ᠴᠢᠩᠭ᠎ᠠ ᠪᠠᠲᠤᠯᠠᠭ᠎ᠠ ᠬᠠᠩᠭᠠᠬᠤ ᠶᠢ ᠪᠦᠬᠦ ᠲᠠᠯ᠎ᠠ ᠪᠠᠷ ᠠᠬᠢᠭᠤᠯᠤᠶ᠎ᠠ᠃  
ᠢᠷᠡᠯᠲᠡ᠄ ᠠᠷᠠᠳ ᠤᠨ ᠮᠣᠩᠭᠤᠯ ᠰᠦᠯᠵᠢᠶ᠎ᠡ