ᠴᠠᠰᠤᠨ ᠤ ᠲᠤᠬᠠᠢ ᠲᠥᠰᠥᠭᠡᠯᠡᠯ
ᠨᠡᠶᠢᠲᠡᠯᠡᠭᠰᠡᠨ ᠴᠠᠭ᠄
2024/2/27
       ᠠᠩᠬᠠᠨ ᠤ ᠴᠠᠰᠤ ᠵᠢᠯ ᠪᠣᠯᠭᠠᠨ ᠴᠣ ᠰᠢᠨ᠎ᠡ ᠭᠦᠭ ᠠᠶᠠᠰ᠂ ᠮᠥᠩᠬᠡ ᠶᠢᠨ ᠴᠠᠭᠠᠨ ᠥᠩᠭᠡ ᠪᠠᠷ ᠢᠶᠠᠨ ᠪᠡᠶ᠎ᠡ ᠰᠡᠳᠬᠢᠯ ᠢ ᠮᠢᠨᠢ ᠰᠡᠷᠡᠭᠡᠨ ᠳᠤᠯᠠᠶᠢᠯᠭᠠᠳᠠᠭ ᠶᠤᠮ ᠰᠠᠨ᠃       ᠪᠢ 2014 ᠣᠨ ᠤ 2 ᠰᠠᠷ᠎ᠠ ᠶᠢᠨ 8 ᠤ ᠡᠳᠦᠷ ᠤᠨ ᠠᠩᠬᠠᠨ ᠤ ᠴᠠᠰᠤᠨ ᠳᠤ ᠵᠣᠷᠢᠭᠤᠯᠵᠤ᠂ ︽ᠢᠷᠡᠭᠡᠳᠦᠢ ᠶᠢ ᠮᠢᠨᠢ ᠴᠠᠶᠢᠳᠠᠯ᠎ᠠ ᠣᠷᠣᠭᠰᠠᠨ ᠶᠤᠮ ᠰᠠᠨ︾᠂ ︽ᠰᠠᠨᠴᠢᠭ ᠢ ᠮᠢᠨᠢ ᠬᠠᠷᠠᠯᠠᠲᠠᠯ᠎ᠠ ᠣᠷᠣᠭᠰᠠᠨ ᠶᠤᠮ ᠰᠠᠨ︾ ᠭᠡᠵᠦ ᠲᠡᠰᠬᠡᠯ ᠦᠭᠡᠢ ᠳᠣᠭᠳᠣᠯᠤᠨ ᠪᠢᠴᠢᠭᠰᠡᠨ ᠤᠳᠠᠭ᠎ᠠ ᠲᠠᠢ᠃ ᠲᠠᠪᠢ ᠶᠢᠨ ᠳᠠᠪᠠᠭ᠎ᠠ ᠶᠢ ᠳᠠᠪᠠᠴᠢᠬᠠᠭᠠᠳ ᠴᠦ ᠭᠡᠰᠡᠨ ᠲᠡᠭᠡᠵᠦ ᠶᠡᠭᠡ ᠳᠣᠭᠳᠣᠯᠤᠨ᠎ᠠ ᠭᠡᠵᠦ᠂ ᠠᠩᠬᠠᠨ ᠤ ᠴᠠᠰᠤᠨ ᠤ ᠷᠢᠳᠢ ᠰᠢᠳᠢ ᠪᠠᠷ ᠯᠡ ᠪᠠᠶᠢᠬ᠎ᠠ ᠠ᠋ ᠭᠡᠵᠦ ᠪᠤᠳᠤᠳᠠᠭ᠃       ᠶᠠᠭ ᠦᠨᠡᠨ ᠢ ᠬᠡᠯᠡᠪᠡᠯ᠂ ᠤᠳᠠᠭ᠎ᠠ ᠪᠣᠯᠭᠠᠨ ᠤ ᠴᠠᠰᠤ ᠶᠢ ᠪᠦᠷ ᠠᠩᠬᠠᠨ ᠤ ᠭᠡᠬᠦ ᠳᠤ ᠠᠬᠠᠳᠠᠬᠤ ᠪᠠᠷ ᠦᠭᠡᠢ ᠪᠢᠯᠡ᠃ ᠠᠩᠬᠠᠨ ᠤ ᠪᠢᠰᠢ ᠶᠤᠮ ᠪᠣᠯ᠂ ᠴᠠᠭᠯᠠᠰᠢ ᠦᠭᠡᠢ ᠠᠷᠢᠭᠤᠨ ᠴᠠᠭᠠᠨ ᠢ ᠨᠢ ᠪᠢᠳᠡ ᠬᠡᠷᠬᠢᠨ ᠲᠠᠶᠢᠯᠪᠤᠷᠢᠯᠠᠬᠤ ᠪᠢᠯᠡ ᠠ᠋᠃ ᠥᠭᠡᠷ᠎ᠡ ᠪᠠᠷ ᠬᠡᠯᠡᠪᠡᠯ᠂ ᠤᠳᠠᠭ᠎ᠠ ᠪᠣᠯᠭᠠᠨ ᠴᠥᠮ ᠠᠩᠬᠠᠨ ᠤ ᠪᠣᠯᠬᠤᠷ ᠢᠶᠠᠨ ᠴᠠᠰᠤ ᠬᠡᠵᠢᠶᠡᠳᠡ ᠠᠷᠢᠭᠤᠨ ᠴᠠᠭᠠᠨ ᠪᠠᠶᠢᠳᠠᠭ ᠰᠠᠨ᠃       ᠪᠠᠶᠢᠭᠠᠯᠢ ᠳᠡᠯᠡᠬᠡᠢ ᠶᠢᠨ ᠬᠠᠯᠲᠠᠷ ᠪᠤᠯᠳᠠᠷ ᠢ ᠨᠢ ᠨᠠᠮᠤᠭᠤᠬᠠᠨ ᠳᠠᠷᠤᠵᠤ ᠡᠩ ᠳᠤᠨᠢ ᠴᠠᠶᠢᠯᠭᠠᠬᠤ ᠪᠥᠭᠡᠳ ︽ᠠᠩ ᠴᠠᠪᠠ︾ ᠶᠢ ᠨᠢ ᠭᠦᠷᠳᠡᠯ᠎ᠡ ᠠᠶᠠᠲᠠᠶᠢᠬᠠᠨ ᠠᠨᠠᠭᠠᠨ ᠭᠠᠩᠨᠠᠳᠠᠭ ᠪᠣᠯᠬᠤᠷ ᠢᠶᠠᠨ ᠴᠠᠰᠤ ᠰᠠᠶᠢᠬᠠᠨ᠃ ᠬᠠᠯᠲᠠᠷ ᠪᠤᠯᠳᠠᠷ᠂ ︽ᠠᠩ ᠴᠠᠪᠠ︾ ᠶᠢ ᠨᠢ ᠵᠦᠭᠡᠷ ᠯᠡ ᠨᠢᠭᠡ ᠳᠦᠷ ᠵᠠᠭᠤᠷ᠎ᠠ ᠬᠤᠴᠢᠵᠤ ᠬᠠᠯᠬᠠᠯᠠᠭᠠᠳ ᠳᠥᠩᠭᠡᠵᠦ ᠠᠷᠭᠠᠴᠠᠭᠠᠵᠤ ᠪᠠᠶᠢᠭ᠎ᠠ ᠪᠢᠰᠢ᠂ ᠬᠠᠷᠢᠨ ᠠᠮᠢᠯᠠᠯ ᠤᠨ ᠰᠢᠮ᠎ᠡ ᠶᠢ ᠲᠡᠭᠦᠯᠳᠡᠷ ᠠᠭᠤᠯᠤᠭᠰᠠᠨ ᠠᠷᠢᠭᠤᠨ ᠴᠠᠭᠠᠨ ᠢᠶᠠᠷ ᠢᠶᠠᠨ ᠠᠷᠢᠭᠤᠰᠬᠠᠨ ᠪᠠᠯᠠᠯᠵᠤ᠂ ᠰᠢᠨᠡᠬᠡᠨ ᠬᠠᠭᠤᠳᠠᠰᠤ ᠶᠢ ᠨᠢ ᠳᠡᠯᠭᠡᠨ ᠨᠡᠭᠡᠭᠡᠭᠡᠳ ᠴᠠᠭᠠᠨ ᠮᠥᠷ ᠲᠠᠢ ᠪᠣᠯᠭᠠᠳᠠᠭ ᠲᠤᠯᠠᠳᠠ ᠪᠠᠨ ᠰᠠᠶᠢᠬᠠᠨ ᠪᠠᠶᠢᠳᠠᠭ᠃       ᠭᠦᠭ ᠱᠤᠤᠭᠢᠶᠠᠨ ᠢ ᠰᠢᠩᠭᠡᠬᠡᠨ ᠨᠠᠮᠳᠠᠭᠤᠯᠵᠤ᠂ ᠶᠢᠷᠲᠢᠨᠴᠦ ᠶᠢᠨ ᠤᠴᠢᠷ ᠢ ᠳᠦᠷ ᠵᠠᠭᠤᠷ᠎ᠠ ᠴᠦ ᠭᠡᠰᠡᠨ ᠰᠡᠷᠭᠡᠭ ᠪᠥᠭᠡᠳ ᠭᠦᠨ ᠮᠡᠳᠡᠷᠡᠬᠦ ᠪᠣᠯᠣᠮᠵᠢ ᠣᠯᠭᠤᠨ ᠠᠶᠠᠷᠬᠠᠨ ᠣᠷᠣᠳᠠᠭ ᠪᠣᠯᠬᠤᠷ ᠢᠶᠠᠨ ᠴᠠᠰᠤ ᠰᠠᠶᠢᠬᠠᠨ᠃ ᠲᠡᠷᠡ ᠮᠥᠴᠡ ᠳᠤ᠂ ᠬᠠᠶᠠ ᠲᠤᠭᠤᠯᠳᠠᠬᠤ ᠮᠣᠷᠢᠨ ᠤ ᠢᠨᠴᠠᠭᠠᠯᠳᠠ᠂ ᠨᠣᠬᠠᠢ ᠶᠢᠨ ᠬᠤᠴᠠᠯᠳᠠ᠂ ᠰᠢᠪᠠᠭᠤᠨ ᠤ ᠵᠢᠷᠭᠢᠯᠳᠡ ᠲᠡᠷᠢᠭᠦᠲᠡᠨ ᠳᠠᠭᠤ ᠠᠨᠢᠷ ᠤᠳ ᠶᠡᠭᠡ ᠯᠡ ᠠᠶᠠᠲᠠᠶᠢᠬᠠᠨ ᠬᠤᠯᠠ ᠰᠣᠨᠣᠰᠳᠠᠬᠤ ᠪᠥᠭᠡᠳ ᠬᠠᠮᠢᠭ᠎ᠠ ᠨᠢᠭᠡ ᠤᠳᠤᠭᠠᠳ᠂ ᠬᠡᠨ ᠨᠢᠭᠡᠨ ᠲᠠᠢ ᠪᠠᠨ ᠠᠭᠤᠯᠵᠠᠵᠤ ᠤᠴᠠᠷᠠᠮᠠᠷ ᠴᠦ ᠶᠤᠮ ᠰᠢᠭ᠋ ᠪᠤᠳᠤᠬᠳᠠᠭᠤᠯᠤᠨ᠎ᠠ᠃ ᠴᠠᠰᠤ ᠶᠢ ᠭᠡᠰᠴᠦ ᠬᠠᠶᠢᠯᠬᠤ ᠪᠠᠷ ᠨᠢ ᠠᠯᠳᠠᠨ ᠳᠡᠯᠡᠬᠡᠢ ᠠᠬᠢᠭᠠᠳ ᠯᠡ ᠬᠥᠭᠵᠢᠨ ᠱᠤᠤᠭᠢᠭᠠᠳ ᠳᠣᠲᠣᠭᠤᠷ ᠭᠠᠳᠠᠭᠤᠷ ᠢᠶᠠᠨ ᠪᠦᠷ ᠳᠣᠯᠭᠢᠶᠠᠯᠠᠨ ᠳᠠᠪᠠᠯᠭᠠᠯᠠᠭᠠᠳ ᠥᠷᠨᠢᠭᠦᠨ ᠬᠥᠭᠵᠢᠯᠲᠡᠢ ᠪᠤᠯᠳᠠᠭ ᠵᠢᠮ᠎ᠡ ᠲᠠᠢ᠃       ᠮᠡᠳᠡᠭᠡᠵᠢ᠂ ᠬᠥᠮᠥᠨ ᠤ ᠣᠷᠴᠢᠯᠠᠩ ᠤᠨ ᠴᠠᠰᠤ ᠳᠠᠩᠳᠠ ᠪᠠᠨ ᠨᠠᠮᠤᠭᠤᠬᠠᠨ ᠣᠷᠣᠭᠠᠳ ᠪᠠᠶᠢᠳᠠᠭ ᠪᠢᠰᠢ᠂ ᠬᠠᠶᠠ ᠪᠦᠷ ᠭᠠᠵᠠᠷ ᠲᠡᠭᠷᠢ ᠶᠢ ᠨᠡᠶᠢᠯᠡᠲᠡᠯ᠎ᠡ ᠨᠢ᠂ ᠭᠠᠯᠪᠠ ᠳᠡᠯᠡᠬᠡᠢ ᠶᠢ ᠬᠡᠶᠢᠰᠲᠡᠯ᠎ᠡ ᠨᠢ ᠬᠦᠴᠦᠲᠡᠢ ᠰᠢᠭᠤᠷᠳᠠᠭ ᠪᠢᠯᠡ᠃ ᠬᠡᠳᠦᠶᠢᠪᠡᠷ ᠴᠠᠰᠤᠨ ᠰᠢᠭᠤᠷᠭ᠎ᠠ ᠭᠡᠵᠦ ︽ᠴᠠᠭᠠᠨ ᠵᠤᠳ︾ ᠨᠠᠷᠠᠲᠠᠢ ᠪᠤᠯᠪᠠᠴᠦ᠂ ᠶᠠᠭᠤᠨ ᠳᠤ ᠴᠦ ᠦᠯᠦ ᠡᠷᠬᠡᠰᠢᠶᠡᠭᠳᠡᠬᠦ ᠠᠤᠭ᠎ᠠ ᠶᠡᠭᠡ ᠬᠦᠴᠦᠨ ᠢ ᠮᠡᠳᠡᠷᠡᠭᠦᠯᠬᠦ ᠲᠡᠳᠦᠢ ᠦᠭᠡᠢ᠂ ᠬᠡᠷᠡᠯᠳᠦ ᠴᠠᠭᠠᠨ ᠰᠠᠷᠠᠨ ᠢ ᠪᠦᠷ ᠽᠠᠮᠪᠤᠯᠢᠩ ᠤᠨ ᠣᠷᠣᠨ ᠵᠠᠢ ᠳᠤ ᠪᠤᠲᠠᠷᠠᠳᠠᠯ᠎ᠠ  ᠨᠢ ᠬᠤᠶᠢᠯᠠᠷᠠᠭᠤᠯᠵᠤ ᠪᠠᠶᠢᠭ᠎ᠠ ᠰᠢᠭ᠋ ᠷᠣᠮᠠᠨᠲ᠋ᠢᠭ ᠰᠠᠨᠠᠭᠳᠠᠭᠤᠯᠬᠤ ᠨᠢ ᠡᠬᠡ ᠪᠠᠶᠢᠭᠠᠯᠢ ᠶᠢᠨ ᠭᠠᠶᠢᠬᠠᠮᠰᠢᠭ ᠢ ᠥᠭᠡᠷ᠎ᠡ ᠲᠠᠯ᠎ᠠ ᠠᠴᠠ ᠨᠢ ᠭᠦᠨᠵᠡᠭᠡᠢ ᠮᠡᠳᠡᠷᠡᠭᠦᠯᠳᠡᠭ ᠪᠣᠯᠬᠤᠷ ᠢᠶᠠᠨ ᠪᠠᠰᠠ ᠰᠠᠶᠢᠬᠠᠨ᠃       ᠤᠰᠤᠨ ᠤ ᠭᠡᠯᠪᠡᠷᠢ ᠨᠦᠭᠦᠳ ᠤᠨ ᠳᠤᠮᠳᠠ ᠪᠠᠨ ᠴᠠᠰᠤᠨ ᠤ ᠯᠠᠪᠰᠠ ᠭᠡᠵᠦ ᠬᠠᠮᠤᠭ ᠤᠨ ᠰᠠᠶᠢᠬᠠᠨ ᠨᠢ᠃ ᠨᠢᠭᠡᠨ ᠰᠢᠯᠦᠭ ᠤᠨ ᠨᠣᠮ ᠢᠶᠠᠨ ᠭᠦᠷᠳᠡᠯ᠎ᠡ ᠪᠢ ︽ᠴᠠᠰᠤᠨ ᠤ ᠮᠠᠷᠺ︾ ᠭᠡᠵᠦ ᠨᠡᠷᠡᠯᠡᠭᠰᠡᠨ ᠮᠢᠨᠢ ᠡᠶᠢᠮᠦ ᠤᠴᠢᠷᠲᠠᠢ᠃ ᠴᠠᠭᠠᠰᠤᠨ ᠳᠡᠭᠡᠷ᠎ᠡ ᠪᠢᠴᠢᠵᠦ ᠳᠤᠭᠲᠤᠢ ᠳᠤ ᠬᠢᠭᠰᠡᠨ ᠪᠢᠰᠢ᠂ ᠬᠠᠷᠢᠨ ᠪᠣᠯᠣᠷ ᠤᠨ ᠬᠡᠷᠡᠯᠳᠦ ᠮᠠᠷᠺ ᠤᠳ ᠤᠨ ᠳᠣᠲᠣᠷ᠎ᠠ ᠰᠢᠭᠤᠳ ᠪᠢᠴᠢᠭᠰᠡᠨ ᠬᠥᠬᠡ ᠲᠡᠭᠷᠢ ᠶᠢᠨ ᠲᠤᠭ᠎ᠠ ᠲᠣᠮᠰᠢ ᠦᠭᠡᠢ ᠵᠠᠬᠢᠶ᠎ᠠ ᠨᠤᠭᠤᠳ ᠢ ᠡᠭᠦᠯᠡᠨ ᠰᠢᠤᠳᠠᠨ ᠡᠬᠡ ᠭᠠᠵᠠᠷ ᠲᠤ ᠲᠦᠭᠡᠭᠡᠨ ᠰᠠᠴᠤᠳᠠᠭ ᠰᠠᠨ᠃ ᠲᠡᠷᠡ ᠵᠠᠬᠢᠶ᠎ᠠ ᠨᠤᠭᠤᠳ ᠢ ᠨᠢ ᠨᠢᠳᠦᠯᠡᠨ ᠤᠩᠰᠢᠭᠠᠳ ᠴᠡᠭᠡᠵᠢᠯᠡᠨ ᠬᠠᠳᠠᠩᠰᠢᠭᠤᠯᠳᠠᠭ ᠨᠢ ᠡᠪᠡᠰᠦ ᠮᠣᠳᠣᠳ᠂ ᠨᠠᠪᠴᠢ ᠴᠡᠴᠡᠭᠡᠰ ᠁ ᠤᠩᠰᠢᠬᠤ ᠲᠤᠳᠤᠮ ᠨᠢ ᠴᠠᠰᠤ ᠤᠶᠠᠷᠠᠨ ᠬᠠᠶᠢᠯᠤᠨ᠎ᠠ᠃ ᠳᠠᠷᠤᠭᠰᠠᠨ ᠴᠠᠰᠤ ᠬᠠᠶᠢᠯᠤᠭᠠᠳ ᠭᠠᠵᠠᠷ ᠡᠷᠢᠶᠡᠨᠲᠦᠬᠦ ᠶᠢ ︽ᠴᠠᠰᠤ ᠨᠢᠳᠦᠯᠡᠨ᠎ᠡ︾ ᠬᠡᠮᠡᠳᠡᠭ ᠨᠢ ᠴᠦ ᠶᠡᠭᠡ ᠤᠴᠢᠷᠲᠠᠢ ᠰᠠᠨᠠᠭᠳᠠᠨᠠᠮ᠃       ︽ᠴᠠᠰᠤ ᠬᠠᠨᠵᠠᠷᠠᠬᠤ︾ ᠭᠡᠰᠡᠨ ᠰᠣᠨᠢᠷᠬᠠᠯᠲᠠᠢ ᠦᠭᠡ ᠪᠤᠢ᠃ ︽ᠬᠠᠨᠵᠠᠷᠠᠬᠤ︾ ᠭᠡᠳᠡᠭ ᠦᠢᠯᠡ ᠦᠭᠡ ᠨᠢ ᠶᠠᠭᠤᠮᠠᠨ ᠤ ᠣᠶᠣᠳᠠᠯ ᠵᠦᠢᠳᠡᠯ ᠤᠨ ᠵᠠᠳᠠᠷᠠᠬᠤ ᠶᠢ ᠬᠡᠯᠡᠳᠡᠭ ᠶᠤᠮ ᠪᠣᠯ᠂ ︽ᠴᠠᠰᠤ ᠬᠠᠨᠵᠠᠷᠠᠬᠤ︾ ᠶᠢ ᠨᠢ ︽ᠪᠢᠲᠡᠭᠦᠦ ᠴᠠᠰᠤ ᠬᠠᠶᠢᠯᠵᠤ ᠴᠣᠬᠤᠷ ᠪᠣᠯᠵᠤ ᠡᠬᠢᠯᠡᠬᠦ︾ ᠭᠡᠵᠦ ᠲᠣᠯᠢ ᠪᠢᠴᠢᠭ ᠲᠤ ᠲᠠᠶᠢᠯᠪᠤᠷᠢᠯᠠᠳᠠᠭ ᠪᠢᠯᠡ᠃ ᠬᠠᠨᠵᠠᠷᠠᠬᠤ ᠦᠢᠯᠡ ᠪᠠᠶᠢᠪᠠᠯ ᠯᠠᠪ ᠬᠠᠨᠵᠠᠯᠬᠤ ᠦᠢᠯᠡ ᠴᠦ ᠪᠠᠶᠢᠨ᠎ᠠ ᠪᠢᠵᠡ ᠠ᠋᠃ ᠨᠠᠷᠠ ᠰᠠᠷᠠ ᠤᠳᠤᠨ ᠤ ᠭᠡᠷᠡᠯ ᠭᠡᠭᠡ᠂ ᠰᠠᠯᠬᠢᠨ ᠤ ᠢᠯᠪᠢᠯᠲᠡ᠂ ᠰᠢᠪᠠᠭᠤᠳ ᠤᠨ ᠬᠤᠰᠢᠭᠤ ᠪᠠ ᠰᠠᠪᠠᠷ᠂ ᠠᠳᠤᠭᠤᠰᠤ ᠠᠮᠢᠲᠠᠳ ᠤᠨ ᠬᠤᠰᠢᠭᠤ ᠬᠢᠭᠡᠳ ᠲᠤᠭᠤᠷᠠᠢ᠂ ᠬᠥᠮᠥᠨ ᠤ ᠮᠥᠷ ᠁ ᠲᠡᠷᠡ ᠴᠦ ᠪᠠᠶᠢᠲᠤᠭᠠᠢ ᠪᠠᠷᠠᠭᠤᠨ ᠭᠠᠷ ᠤᠨ ᠮᠢᠨᠢ ᠳᠣᠯᠢᠶᠠᠪᠤᠷ ᠬᠤᠷᠤᠭᠤ ᠭᠦᠷᠳᠡᠯ᠎ᠡ ᠴᠠᠰᠤᠨ ᠤ ᠣᠶᠣᠳᠠᠯ ᠵᠦᠢᠳᠡᠯ ᠢ ᠬᠠᠨᠵᠠᠯᠵᠦ ᠵᠠᠳᠠᠯᠬᠤ ᠦᠢᠯᠡ ᠳᠤ ᠣᠷᠣᠯᠴᠠᠳᠠᠭ ᠪᠦᠯᠦᠭᠡ᠃ ᠲᠡᠭᠡᠭᠡᠳ ᠯᠡ ᠴᠠᠭᠠᠨ᠎ᠠ ᠠᠴᠠ ᠨᠢ ᠴᠠᠰᠤᠨ ᠤ ᠰᠢᠨᠡᠳᠬᠡᠭᠰᠡᠨ ᠳᠡᠯᠡᠬᠡᠢ ᠲᠣᠳᠣᠷᠠᠳᠠᠭ ᠰᠠᠨ᠃       ᠠᠩᠬᠠᠨ ᠤ ᠴᠠᠰᠤ ᠨᠢ ᠠᠩᠬᠠᠨ ᠤ ᠬᠠᠶᠢᠷ᠎ᠠ ᠰᠢᠭ᠋ ᠬᠥᠮᠥᠨ ᠤ ᠨᠢᠭᠡ ᠨᠠᠰᠤᠨ ᠤ ᠠᠩᠬᠠᠨ ᠤ ᠲᠣᠬᠢᠶᠠᠯᠳᠤᠯ ᠪᠢᠰᠢ ᠪᠤᠯᠪᠠᠴᠦ᠂ ᠴᠠᠰᠤᠨ ᠤ ᠬᠤᠪᠢ ᠳᠤ ᠨᠢᠭᠡ ᠵᠢᠯ ᠢ ᠨᠢᠭᠡ ᠨᠠᠰᠤ ᠨᠢ ᠭᠡᠬᠦ ᠳᠤ ᠪᠤᠷᠤᠭᠤᠳᠠᠬᠤ ᠦᠭᠡᠢ ᠪᠠᠶᠢᠬ᠎ᠠ ᠠ᠋᠃ ᠶᠠᠭ ᠡᠶᠢᠮᠦ ᠪᠣᠯᠬᠤᠷ ᠢᠶᠠᠨ ᠬᠥᠮᠥᠨ ᠪᠢᠳᠡ ᠵᠢᠯ ᠪᠦᠷᠢ ᠶᠢᠨ ᠠᠩᠬᠠᠨ ᠤ ᠴᠠᠰᠤ ᠶᠢ ᠠᠩᠬᠠᠨ ᠤ ᠬᠠᠶᠢᠷ᠎ᠠ ᠪᠠᠨ ᠰᠢᠭ᠋ ᠨᠠᠨᠳᠢᠩᠨᠠᠨ ᠡᠷᠬᠢᠮᠨᠡᠵᠦ᠂ ᠳᠠᠭᠤᠤ ᠰᠢᠯᠦᠭ ᠵᠢᠷᠤᠭ ᠪᠢᠴᠢᠯᠭᠡ ᠪᠠᠷ ᠢᠶᠠᠨ ᠠᠮᠵᠢᠨ ᠲᠡᠮᠳᠡᠭᠯᠡᠭᠡᠳ᠂ ᠰᠣᠳᠣᠨ ᠰᠢᠨᠡᠯᠢᠭ ᠮᠡᠳᠡᠷᠡᠮᠵᠢ ᠪᠠᠨ ᠬᠤᠪᠢᠶᠠᠯᠴᠠᠨ ᠦᠢ ᠣᠯᠠᠨ᠎ᠠ ᠳᠠᠭᠤᠷᠢᠰᠬᠠᠳᠠᠭ ᠤᠴᠢᠷᠲᠠᠢ᠃ ᠭᠠᠷ ᠰᠡᠳᠬᠢᠯ ᠤᠨ ᠤᠷ᠎ᠠ ᠪᠠᠨ ᠭᠠᠶᠢᠬᠠᠭᠤᠯᠵᠤ᠂ ᠭᠤᠳᠤᠮᠵᠢᠨ ᠤ ᠥᠨᠴᠥᠭ ᠪᠤᠯᠤᠩ᠂ ᠪᠡᠯᠴᠢᠭᠡᠷ ᠤᠨ ᠵᠠᠬ᠎ᠠ᠂ ᠮᠠᠩᠬᠠᠨ ᠤ ᠣᠷᠣᠢ᠂ ᠡᠰᠡᠬᠦᠯ᠎ᠡ ᠬᠦᠷᠢᠶ᠎ᠡ ᠬᠠᠰᠢᠶᠠᠨ ᠤ ᠪᠠᠨ ᠡᠭᠦᠳᠡᠨ ᠳᠤ ᠁ ᠴᠠᠰᠤᠨ ᠬᠥᠮᠥᠨ ᠤᠷᠠᠯᠠᠨ ᠪᠠᠷᠢᠳᠠᠭ ᠨᠢ ᠴᠦ ᠪᠤᠢ᠃ ᠴᠠᠰᠤ ᠣᠷᠣᠬᠤ ᠪᠣᠯᠭᠠᠨ ᠶᠠᠮᠠᠷ ᠨᠢᠭᠡᠨ ᠥᠯᠵᠡᠶᠢᠲᠡᠢ ᠰᠠᠶᠢᠬᠠᠨ ᠦᠢᠯᠡ ᠶᠠᠪᠤᠳᠠᠯ ᠢ ᠡᠭᠦᠰᠬᠡᠨ ᠡᠬᠢᠯᠡᠭᠦᠯᠬᠦ ᠶᠣᠰᠣᠯᠠᠯ ᠤᠨ ᠬᠢᠨᠢ ᠨᠢᠭᠡᠨ ᠠᠭᠤᠯᠭ᠎ᠠ ᠲᠡᠷᠡ ᠪᠠᠶᠢᠬ᠎ᠠ ᠠ᠋᠃       ᠪᠠᠷᠠᠭᠤᠨ ᠭᠠᠷ ᠤᠨ ᠳᠣᠯᠢᠶᠠᠪᠤᠷ ᠬᠤᠷᠤᠭᠤ ᠪᠠᠨ ᠵᠢᠮᠵᠢᠭᠢᠨᠡᠭᠦᠯᠦᠭᠰᠡᠭᠡᠷ ᠨᠣᠶᠢᠲᠠᠨ ᠴᠠᠰᠤᠨ ᠳᠡᠭᠡᠷ᠎ᠡ ᠣᠪᠣᠭ ᠨᠡᠷ᠎ᠡ ᠪᠠᠨ ᠪᠢᠴᠢᠬᠦ ᠰᠠᠶᠢᠬᠠᠨ᠂ ᠬᠠᠶᠢᠷᠠᠲᠠᠢ ᠬᠥᠮᠥᠨ ᠤ ᠪᠠᠨ ᠨᠡᠷ᠎ᠡ ᠶᠢ ᠪᠢᠴᠢᠬᠦ ᠰᠠᠶᠢᠬᠠᠨ᠂ ᠳᠤᠷᠠᠲᠠᠢ ᠦᠭᠡᠰ ᠢᠶᠠᠨ ᠪᠢᠴᠢᠬᠦ ᠰᠠᠶᠢᠬᠠᠨ᠃ ᠴᠠᠰᠤᠨ ᠤ ᠬᠠᠶᠢᠯᠬᠤ ᠶᠢ ᠳᠠᠭᠠᠯᠳᠤᠭᠠᠳ ᠲᠡᠳᠡᠭᠡᠷ ᠦᠰᠦᠭ ᠤᠳ ᠤᠨ ᠢᠶᠠᠨ ᠤᠶᠠᠷᠠᠨ ᠤᠷᠤᠰᠬᠤ ᠶᠢ ᠬᠠᠷᠠᠭᠠᠳ ᠪᠠᠶᠢᠬᠤ ᠴᠦ ᠰᠠᠶᠢᠬᠠᠨ᠃ ᠪᠢᠴᠢᠭᠰᠡᠨ ᠦᠰᠦᠭ ᠤᠳ ᠮᠢᠨᠢ ᠭᠠᠵᠠᠷ ᠲᠤ ᠰᠢᠮᠡᠳᠦᠨ᠂ ᠤᠷᠭᠤᠮᠠᠯ ᠤᠨ ᠳᠤᠮᠳᠠᠭᠤᠷ ᠥᠭᠰᠥᠨ ᠤᠷᠤᠰᠤᠭᠠᠳ᠂ ᠬᠤᠶᠢᠲᠤᠨ ᠡᠪᠦᠯ ᠠᠬᠢᠭᠠᠳ ᠯᠡ ᠴᠠᠰᠤ ᠬᠤᠪᠢᠯᠤᠨ᠎ᠠ ᠠ᠋ ᠭᠡᠵᠦ ᠤᠷᠭᠤᠭᠤᠯᠤᠨ ᠪᠤᠳᠤᠬᠤ ᠪᠠᠷ ᠨᠡᠩ ᠴᠦ ᠰᠠᠶᠢᠬᠠᠨ᠃       ᠠᠩᠬᠠᠨ ᠤ ᠴᠠᠰᠤ ᠬᠦᠯᠢᠶᠡᠯᠭᠡᠨ ᠬᠦᠯᠢᠶᠡᠯᠭᠡᠭᠰᠡᠭᠡᠷ ᠬᠠᠪᠤᠷ ᠨᠢ ᠳᠥᠩᠭᠡᠵᠦ ᠣᠷᠣᠳᠠᠭ ᠵᠢᠯ ᠪᠠᠶᠢᠳᠠᠭ᠃ ᠡᠶᠢᠮᠦ ᠴᠠᠰᠤ ᠦᠭᠡᠢ ᠲᠤᠭᠤᠯᠤᠬᠰᠠᠨ ᠡᠪᠦᠯ ᠢ ᠬᠠᠷ᠎ᠠ ᠡᠪᠦᠯ ᠭᠡᠳᠡᠭ ᠨᠢ ᠴᠦ ᠪᠤᠢ᠃ ᠡᠪᠦᠯ ᠤᠨ ᠲᠡᠭᠷᠢ ᠶᠢᠨ ᠲᠣᠭᠠᠯᠠᠰᠢ ᠦᠭᠡᠢ ᠤᠯᠠᠨ ᠡᠮᠵᠡᠭ ᠴᠠᠭᠠᠨ ᠮᠡᠳᠡᠷᠡᠮᠵᠢ ᠨᠦᠭᠦᠳ ᠨᠢ - ᠬᠡᠯᠡᠮᠡᠷ ᠬᠡᠯᠡᠮᠡᠷ ᠪᠣᠯᠣᠭᠠᠳ ᠬᠡᠯᠡᠨ ᠤ ᠦᠵᠦᠭᠦᠷ ᠲᠤ ᠪᠥᠮᠪᠥᠭᠡᠨᠡᠵᠦ ᠪᠠᠶᠢᠳᠠᠭ ᠦᠭᠡ ᠨᠦᠭᠦᠳ ᠰᠢᠭ ᠭᠠᠵᠠᠷ ᠰᠢᠷᠣᠢ ᠠᠴᠠ ᠴᠤᠬᠤᠯᠵᠠᠵᠤ ᠪᠠᠶᠢᠭ᠎ᠠ ᠨᠢᠯᠬ᠎ᠠ ᠨᠣᠭᠤᠭᠠᠨ ᠳᠡᠭᠡᠷ᠎ᠡ ᠬᠦᠷᠦᠯᠴᠡᠭᠡᠳ ᠤᠳᠠᠯ ᠦᠭᠡᠢ ᠤᠷᠢ ᠢᠯᠴᠢᠨ ᠳᠤᠨᠢ ᠬᠠᠶᠢᠯᠤᠨ ᠤᠶᠠᠷᠠᠵᠤ᠂ ᠭᠠᠵᠠᠷ ᠲᠤ ︽ᠦᠨᠳᠦᠰᠦᠯᠡᠨ᠎ᠡ︾ ᠭᠡᠵᠦ ᠶᠠᠭᠤᠲᠠᠢ ᠰᠠᠶᠢᠬᠠᠨ ᠲᠣᠷᠭᠠᠨ ᠭᠱᠠᠨ ᠪᠢᠯᠡ᠃       ᠴᠠᠰᠤ ᠴᠣᠬᠤᠮ ᠣᠭᠲᠠᠷᠭᠤᠢ ᠳᠤ ᠬᠡᠷᠬᠢᠨ ᠪᠦᠷᠢᠯᠳᠦᠵᠦ ᠪᠠᠷᠢᠯᠳᠤᠳᠠᠭ ᠤᠨ ᠲᠤᠬᠠᠢ ᠰᠢᠨᠵᠢᠯᠡᠬᠦ ᠤᠬᠠᠭᠠᠨ ᠤ ᠲᠠᠶᠢᠯᠪᠤᠷᠢ ᠶᠢ ᠪᠢ ᠶᠠᠭᠠᠬᠢᠬᠤ ᠶᠢᠨ ᠠᠷᠭ᠎ᠠ ᠦᠭᠡᠢ ᠵᠥᠪ ᠬᠡᠮᠡᠨ ᠭᠥᠯᠢᠶᠡᠨ ᠵᠥᠪᠰᠢᠶᠡᠷᠡᠳᠡᠭ ᠪᠤᠯᠪᠠᠴᠦ᠂ ᠴᠠᠰᠤᠨ ᠤ ᠯᠠᠪᠰᠠ ᠪᠤᠶᠤ ᠴᠠᠰᠤᠨ ᠤ ᠰᠢᠷᠬᠡᠭ ᠢ ᠬᠠᠷᠢᠨ ᠪᠣᠷᠣᠭᠠᠨ ᠤ ᠪᠣᠯᠣᠷ ᠲᠤᠩᠭᠠᠯᠠᠭ ᠦᠷ᠎ᠡ ᠨᠦᠭᠦᠳ ᠡᠬᠡ ᠭᠠᠵᠠᠷ ᠲᠤ ᠰᠠᠴᠤᠭᠳᠠᠵᠤ ᠦᠨᠳᠦᠰᠦᠯᠡᠭᠡᠳ᠂ ᠲᠡᠭᠷᠢ ᠥᠭᠡᠳᠡ ᠪᠠᠨ ᠮᠣᠬᠤᠰᠢ ᠦᠭᠡᠢ ᠥᠨᠳᠥᠷ ᠢ ᠲᠡᠮᠡᠴᠡᠨ ᠤᠷᠭᠤᠭᠰᠠᠨ ᠤ ᠳ᠋ᠦᠩ ᠳᠤ᠂ ᠦᠯᠦ ᠦᠵᠡᠭᠳᠡᠬᠦ ᠠᠭᠠᠳ ᠲᠡᠭᠷᠢ ᠳᠦᠭᠦᠷᠡᠩ ᠣᠷᠣᠰᠢᠬᠤ ᠴᠡᠩᠬᠡᠷᠬᠡᠨ ᠤᠢ ᠮᠣᠳᠣᠳ ᠤᠨ ᠢᠶᠠᠨ ᠰᠠᠯᠠᠭ᠎ᠠ ᠮᠥᠴᠢᠷ ᠲᠤ ᠭᠠᠭᠴᠠ ᠦᠳᠡᠰᠢ ᠶᠢᠨ ᠬᠤᠭᠤᠷᠣᠨᠳᠤ᠂ ᠬᠠᠯᠠᠭᠤᠨ ᠬᠦᠢᠲᠡᠨ ᠤ ᠡᠴᠢᠨ᠎ᠡ ᠨᠢᠭᠤᠴᠠᠭᠠᠢ ᠢᠪᠡᠭᠡᠯᠳᠦᠯ ᠢᠶᠠᠷ ᠪᠠᠳᠠᠷᠠᠨ ᠳᠡᠯᠭᠡᠷᠡᠭᠰᠡᠨ ᠴᠠᠭᠠᠨ ᠴᠡᠴᠡᠭᠡᠰ ᠬᠡᠮᠡᠨ ᠢᠲᠡᠭᠡᠬᠦ ᠨᠡᠩ ᠳᠤᠷᠠᠲᠠᠢ᠃ ᠦᠷ᠎ᠡ ᠳ᠋ᠦᠩ ᠤᠨ ᠬᠤᠪᠢ ᠳᠤ᠂ ᠡᠶᠢᠨ ᠬᠦ ᠲᠥᠰᠥᠭᠡᠯᠡᠬᠦ ᠨᠢ ᠢᠯᠡᠭᠦᠦ ᠲᠠᠶᠢᠳᠬᠤᠷᠠᠯ ᠳᠣᠭᠳᠣᠯᠤᠯ ᠲᠠᠢ ᠰᠠᠨᠠᠭᠳᠠᠳᠠᠭ ᠪᠤᠯᠪᠠᠴᠦ᠂ ᠲᠠᠶᠢᠳᠬᠤᠷᠠᠶ᠎ᠠ ᠳᠣᠭᠳᠣᠯᠤᠶ᠎ᠠ ᠬᠡᠮᠡᠨ ᠵᠣᠷᠢᠭᠤᠳᠠ ᠲᠥᠰᠥᠭᠡᠯᠡᠳᠡᠭ ᠴᠦ ᠪᠢᠰᠢ᠂ ᠬᠠᠷᠢᠨ ᠴᠠᠰᠤᠨ ᠠᠴᠠ ᠡᠭᠦᠰᠦᠯᠲᠡᠢ ︽ᠣᠷᠣᠰᠢᠭᠰᠠᠨ︾ ᠣᠩᠭᠤᠳ ᠮᠡᠳᠡᠷᠡᠮᠵᠢ ᠳᠡᠭᠡᠨ ᠥᠪᠡᠷ ᠤᠨ ᠡᠷᠬᠡ ᠦᠭᠡᠢ ᠠᠪᠲᠠᠳᠠᠭ ᠢᠶᠠᠷ ᠢᠶᠠᠨ ᠤᠴᠢᠷ ᠪᠢᠲᠡᠭᠦᠯᠢᠭ ᠲᠠᠶᠢᠳᠬᠤᠷᠠᠨ ᠳᠣᠭᠳᠣᠯᠳᠠᠭ ᠮᠢᠨᠢ ᠲᠡᠷᠡ ᠰᠠᠨ᠃       ᠶᠠᠫᠤᠨ ᠤ ᠡᠷᠲᠡᠨ ᠤ ᠬᠠᠶᠢᠺᠦ᠋ᠴᠢᠨ ᠡᠸ᠋ᠨᠥᠮᠤᠲ᠋ᠤ᠋ ᠺᠢᠺᠠᠺᠦ᠋ ︽ᠮᠢᠨᠤᠬᠢ ᠶᠤᠮ ᠠ᠋ ᠭᠡᠵᠦ ᠪᠤᠳᠤᠴᠢᠬᠠᠬᠤ ᠪᠠᠷ \ ᠮᠠᠯᠠᠭᠠᠢ ᠶᠢᠨ ᠳᠡᠭᠡᠷ᠎ᠡ ᠴᠠᠰᠤ ᠬᠥᠩᠭᠡᠨ︾ ᠭᠡᠵᠦ ᠪᠢᠴᠢᠭᠰᠡᠨ ᠰᠢᠭ᠂ ᠠᠶᠠᠷᠬᠠᠨ ᠬᠠᠶᠠᠯᠠᠬᠤ ᠴᠠᠰᠤᠨ ᠳᠤ ᠶᠠᠪᠤᠬᠤ ᠳᠠᠭᠠᠨ ᠪᠢ ᠴᠦ ᠭᠡᠰᠡᠨ ᠴᠠᠰᠤ ᠶᠢ ᠪᠦᠷ ︽ᠮᠢᠨᠤᠬᠢ︾ ᠪᠣᠯᠭᠠᠴᠢᠬᠠᠭᠠᠳ᠂ ᠴᠠᠰᠤᠨ ᠤ ᠯᠠᠪᠰᠠ ᠬᠤᠪᠢᠯᠤᠨ ᠬᠥᠩᠭᠡᠷᠡᠴᠢᠬᠡᠭᠰᠡᠨ᠂ ᠡᠰᠡᠬᠦᠯ᠎ᠡ ᠴᠠᠰᠤ ᠬᠠᠶᠠᠯᠠᠭᠰᠠᠨ ᠠᠭᠠᠷ ᠲᠡᠭᠷᠢ ᠶᠢᠨ ᠥᠴᠥᠬᠡᠨ ᠨᠢᠭᠡᠨ ᠴᠡᠭ ᠨᠢ ᠪᠣᠯᠴᠢᠬᠠᠭᠰᠠᠨ - ᠥᠪᠡᠷ ᠤᠨ ᠡᠷᠬᠡ ᠦᠭᠡᠢ ᠴᠢᠯᠦᠭᠡᠲᠡᠢ ᠭᠦᠪᠳᠡᠭ ᠶᠤᠮ ᠰᠠᠨ ᠁                                                                         ᠵᠣᠬᠢᠶᠠᠭᠴᠢ᠄ ᠪ᠊·ᠪᠤᠶᠠᠨᠬᠡᠰᠢᠭ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ