ᠲᠡᠮᠡᠭᠡᠨ ᠤ ᠶᠠᠪᠤᠳᠠᠯ ︵ᠨᠢᠬᠡ︶
ᠨᠡᠶᠢᠲᠡᠯᠡᠭᠰᠡᠨ ᠴᠠᠭ᠄
2024/2/28
       ᠲᠥᠷᠪᠡᠳᠤᠬᠡᠷ ᠬᠡᠰᠡᠭ ᠲᠡᠮᠡᠭᠡᠨ ᠤ ᠶᠠᠪᠤᠳᠠᠯ        ᠲᠠᠮᠠᠭᠡᠨ ᠤ ᠶᠠᠪᠤᠳᠠᠯ ᠨᠢ ᠬᠤᠷᠳᠤᠨ ᠤᠳᠠᠭᠠᠨ᠂ ᠠᠯᠬᠤᠵᠤ ᠬᠢᠰᠬᠢᠬᠦ᠂ ᠬᠦᠳᠠᠯᠤᠯ ᠪᠠᠶᠢᠳᠠᠯ᠂ ᠤᠨᠤᠵᠤ ᠠᠴᠢᠬᠤ᠂ ᠡᠳ᠋ᠯᠠᠵᠤ ᠭᠡᠷᠡᠭᠯᠠᠬᠦ ᠪᠤᠶᠤ ᠠᠷᠠᠴᠢᠯᠠᠵᠤ ᠮᠠᠯᠯᠠᠬᠤ ᠵᠠᠷᠭᠡ ᠶᠠᠪᠤᠴᠠ ᠳᠤ ᠢᠯᠠᠷᠡᠭᠰᠠᠨ ᠵᠠᠩ ᠠᠪᠤᠷᠢ ᠶᠢᠨ ᠠᠳᠠᠯᠢ ᠪᠤᠰᠤ ᠤᠠᠴᠠᠯᠢᠭ ᠠᠴᠠ ᠪᠤᠯᠵᠤ ᠲᠤᠰ ᠲᠤᠰ ᠦᠪᠠᠷᠮᠢᠴᠠ ᠭᠡᠯᠪᠠᠷᠢ ᠮᠠᠶ᠋ᠢᠭ ᠲᠠᠢ ᠪᠦᠭᠡᠤᠨ ᠡᠨᠡ ᠨᠢ ᠬᠤᠪᠢ ᠬᠤᠪᠢᠨ ᠳᠠᠭᠠᠨ ᠨᠠᠷᠠᠶᠢᠳᠤᠯ ᠲᠠᠭᠤᠳᠠᠯᠭ᠎ᠠ ᠲᠠᠢ᠃       ᠲᠠᠮᠠᠭᠡᠨ ᠤ ᠶᠠᠪᠤᠳᠠᠯ ᠤᠨ ᠡᠪᠳᠠᠢ ᠡᠪ ᠦᠭᠡᠢ᠂ ᠰᠠᠶᠢᠨ ᠮᠠᠭᠤ᠂ ᠬᠤᠷᠳᠤᠨ ᠤᠳᠠᠭᠠᠨ᠂ ᠭᠡᠯᠪᠠᠷᠢ ᠮᠠᠶ᠋ᠢᠭ ᠨᠢ ᠤᠨᠤᠯᠭ᠎ᠠ ᠠᠴᠢᠯᠭ᠎ᠠ᠂ ᠡᠳ᠋ᠯᠡᠭᠡ ᠭᠡᠷᠡᠭᠯᠡᠭᠡ ᠲᠠᠢ ᠰᠢᠭᠤᠤᠨ ᠬᠤᠯᠪᠤᠭ᠎ᠠ ᠲᠠᠢ ᠪᠤᠯᠬᠤᠷ ᠨᠢᠭᠡ ᠲᠠᠮᠠᠭᠡᠨ ᠤ ᠲᠦᠷᠤᠯᠬᠢ ᠶᠠᠪᠤᠳᠠᠯ ᠭᠡᠯᠪᠠᠷᠢ᠂ ᠵᠠᠩ ᠠᠷᠠᠠᠰᠢᠨ ᠠᠴᠠ ᠨᠢ ᠪᠤᠯᠤᠭᠰᠠᠨ ᠠᠯᠬᠤᠭ᠎ᠠ ᠬᠢᠰᠬᠢᠭᠡ ᠨᠢ ᠬᠤᠵᠢᠮ ᠤᠨ ᠤᠨᠤᠯᠭ᠎ᠠ ᠠᠴᠢᠯᠭ᠎ᠠ ᠵᠠᠷᠭᠡ ᠡᠳ᠋ᠯᠠᠭᠡᠨ ᠳᠤ ᠲᠤᠬᠢᠷᠠᠭᠤᠯᠤᠨ ᠭᠡᠷᠡᠭᠯᠠᠬᠦ ᠳᠤ ᠵᠠᠩᠬᠢᠯᠠᠭ᠎ᠠ ᠪᠤᠯᠳᠠᠭ᠃ ᠲᠡᠮᠡᠭᠡᠴᠢᠳ ᠲᠠᠮᠡᠭᠡ ᠶᠢ ᠪᠠᠭ᠎ᠠ ᠨᠠᠰᠤᠨ ᠠᠴᠠ ᠨᠢ ᠰᠤᠷᠭᠠᠬᠤ ᠳᠠᠭᠠᠨ ᠶᠠᠪᠤᠳᠠᠯ ᠬᠢᠰᠬᠢᠳᠠᠯ ᠨᠢ ᠪᠠᠶ᠎ᠠ ᠳᠤ ᠡᠪᠳᠠᠢ ᠵᠦᠭᠡᠯᠠᠨ᠂ ᠠᠴᠢᠶ᠎ᠠ ᠲᠠᠭᠡᠭᠡᠪᠤᠷᠢ ᠳᠤ ᠨᠠᠮᠤᠭᠤᠬᠠᠨ ᠲᠤᠭᠳᠠᠪᠤᠷᠢᠳᠠᠢ᠂ ᠤᠨᠤᠯᠭ᠎ᠠ ᠤᠷᠤᠯᠳᠤᠭᠠᠨ ᠳᠤ ᠬᠤᠷᠳᠤᠨ᠂ ᠬᠢᠰᠬᠢᠴᠠ ᠲᠠᠲᠠᠰᠢ ᠶᠢ ᠨᠢ ᠡᠪᠯᠢᠭ ᠰᠠᠶᠢᠬᠠᠨ ᠪᠤᠯᠭᠠᠬᠤ ᠶᠢ ᠲᠦᠢᠯ ᠢᠶᠠᠷ ᠠᠩᠬᠠᠷᠳᠠᠭ᠃ ᠲᠠᠷᠠᠴᠢᠯᠠᠨ ᠲᠠᠮᠠᠭᠡᠨ ᠤ ᠲᠤᠰ ᠪᠠᠶ᠎ᠠ ᠶᠢᠨ ᠬᠢᠨᠢ ᠲᠦᠷᠬᠦ ᠪᠠᠶᠢᠳᠠᠯ᠂ ᠤᠠᠴᠠᠯᠢᠭ ᠰᠢᠡᠵᠢ᠂ ᠵᠠᠩ ᠠᠷᠠᠠᠰᠢᠨ ᠢ ᠦᠡᠳᠤᠰᠤᠯᠠᠨ ︽ᠴᠠᠭᠡᠵᠢ ᠦᠷᠭᠡᠨ᠂ ᠬᠦᠯ ᠤᠷᠳᠤ᠂ ᠪᠤᠷᠪᠢ ᠰᠠᠶᠢᠳᠠᠢ᠂ ᠲᠤᠭᠰᠢᠨ ᠰᠠᠷᠬᠦᠯᠠᠩ ᠪᠤᠳᠤᠭᠤ ᠪᠠᠶᠢᠨ᠎ᠠ᠂ ᠬᠤᠷᠳᠤᠨ ᠲᠠᠮᠡᠭᠡ ᠭᠠᠷᠬᠤ ᠰᠢᠡᠵᠢ ᠲᠠᠢ᠂ ᠤᠷᠤᠯᠳᠤᠭᠠᠨ ᠳᠤ ᠰᠤᠷᠭᠠᠶ᠎ᠠ︾ ᠭᠡᠬᠦ ᠪᠤᠶᠤ ︽ᠰᠢᠯᠪᠢ ᠪᠦᠳᠤᠬᠦᠨ᠂ ᠱᠠᠭ᠎ᠠ ᠬᠦᠳᠠᠷ᠂ ᠲᠠᠰᠢᠶ᠎ᠠ ᠵᠤᠵᠠᠭᠠᠨ᠂ ᠪᠠᠶᠠᠷᠭᠡᠭ᠂ ᠠᠯᠬᠤᠭ᠎ᠠ ᠰᠠᠶᠢᠳᠠᠢ ᠲᠠᠮᠡᠭᠡ ᠪᠤᠯᠬᠤ ᠰᠢᠡᠵᠢ ᠲᠠᠢ᠂ ᠤᠨᠤᠯᠭ᠎ᠠ ᠶᠢᠨ ᠠᠳᠠ ᠪᠤᠯᠭᠠᠶ᠎ᠠ︾ ᠭᠡᠬᠦ ᠮᠠᠳᠤ ᠠᠵᠢᠭᠯᠠᠵᠤ ᠰᠢᠡᠵᠢᠭᠰᠡᠨ ᠰᠠᠭᠤᠷᠢᠨ ᠲᠠᠭᠡᠷ᠎ᠠ ᠵᠤᠷᠢᠯᠭ᠎ᠠ ᠲᠠᠢ ᠪᠠᠷ ᠤᠷᠤᠯᠳᠤᠭᠠᠨ ᠤ᠂ ᠤᠨᠤᠯᠭ᠎ᠠ ᠶᠢᠨ᠂ ᠠᠴᠢᠯᠭ᠎ᠠ ᠶᠢᠨ ᠭᠡᠵᠦ ᠲᠤᠰ ᠲᠤᠰ ᠤᠨ ᠤᠠᠴᠠᠯᠢᠭ ᠲᠤᠨᠢ ᠲᠤᠬᠢᠷᠠᠭᠰᠠᠨ ᠶᠠᠪᠤᠳᠠᠯ ᠬᠢᠰᠬᠢᠳᠠᠯ ᠰᠤᠷᠭᠠᠳᠠᠭ᠃ ᠵᠠᠷᠢᠮ ᠬᠦᠮᠤᠨ ᠲᠠᠮᠡᠭᠡ ᠶᠢ ᠦᠪᠠᠷ ᠤᠨ ᠲᠤᠷ᠎ᠠ ᠪᠠᠬ᠎ᠠ ᠳᠠᠭᠠᠨ ᠨᠠᠶᠢᠴᠡᠭᠰᠠᠨ ᠶᠠᠪᠤᠳᠠᠯ ᠬᠢᠰᠬᠢᠳᠠᠯ ᠲᠠᠢ ᠪᠤᠯᠭᠠᠵᠤ ᠰᠤᠷᠭᠠᠬᠤ ᠤᠴᠢᠷ ᠴᠤ ᠪᠤᠢ᠃       ᠲᠠᠮᠠᠭᠡᠨ ᠤ ᠶᠠᠪᠤᠳᠠᠯ ᠨᠢ ᠴᠤᠪᠬᠤᠷᠠᠬᠤ᠂ ᠴᠦᠮᠴᠢᠬᠦ᠂ ᠲᠠᠪᠠᠴᠠᠬᠤ ᠵᠠᠷᠭᠡ ᠤᠠᠴᠠᠭᠠᠢ ᠭᠡᠯᠪᠠᠷᠢ ᠶᠢᠨ ᠶᠠᠪᠤᠳᠠᠯ ᠢ ᠭᠠᠷᠭᠠᠪᠠᠯ ᠪᠤᠰᠤᠤᠨ ᠨᠢ ᠪᠦᠷ ᠡᠮᠤᠨ᠎ᠠ ᠬᠤᠶᠢᠳᠤ ᠬᠤᠶᠠᠷ ᠬᠦᠯ ᠢᠶᠠᠨ ᠪᠤᠷᠤᠭᠤᠳᠠᠢ ᠵᠦᠪᠳᠠᠢ ᠬᠤᠶᠠᠷ ᠲᠠᠯ᠎ᠠ ᠪᠠᠷ ᠢᠶᠠᠨ ᠵᠡᠷᠭᠡ ᠪᠠᠷ ᠡᠭᠡᠯᠵᠢᠯᠠᠬᠦᠯᠤᠨ ᠬᠢᠰᠬᠢᠵᠤ ᠶᠠᠪᠤᠳᠠᠭ᠃ ᠲᠠᠮᠠᠭᠡᠨ ᠤ ᠶᠠᠪᠤᠳᠠᠯ ᠬᠢᠰᠬᠢᠳᠠᠯ ᠨᠢ ᠪᠤᠰᠤᠤᠨ ᠬᠦᠯᠤᠰᠢᠨ ᠮᠠᠯ ᠲᠠᠢ ᠠᠳᠠᠯᠢ ᠦᠭᠡᠢ ᠪᠤᠯᠬᠤᠷ ᠦᠪᠠᠷᠮᠢᠴᠠ ᠨᠠᠷᠠᠶᠢᠳᠤᠯ ᠲᠠᠢ ᠪᠠᠷ ᠦᠯᠤ ᠪᠠᠷᠠᠮ ᠬᠢᠰᠬᠢᠭᠰᠡᠨ ᠮᠦᠷ ᠨᠢ ᠴᠤ ᠠᠳᠠᠯᠢ ᠦᠭᠡᠢ᠃       ᠦᠯᠬᠦᠬᠦ᠄ ᠶᠠᠳᠠᠷ ᠲᠤᠷᠤᠢ ᠪᠤᠶᠤ ᠭᠡᠮ ᠲᠠᠢ ᠲᠠᠮᠠᠭᠡᠨ ᠤ ᠬᠠᠮᠤᠭ ᠤᠳᠠᠭᠠᠨ᠂ ᠬᠦᠯ ᠲᠠᠲᠠᠰᠢ ᠨᠢ ᠬᠠᠮᠤᠭ ᠤᠶᠢᠷᠠᠬᠠᠨ ᠠᠯᠬᠤᠵᠤ ᠶᠠᠪᠤᠬᠤ ᠶᠠᠪᠤᠳᠠᠯ᠃ ᠬᠦᠮᠤᠨ ᠬᠦᠳᠤᠯᠬᠦ ᠪᠤᠶᠤ ᠲᠠᠭᠤᠬᠤ ᠶᠢ ᠦᠯᠬᠦᠬᠦᠯᠬᠦ ᠭᠡᠵᠤ᠂ ᠦᠪᠠᠷ ᠢᠶᠠᠨ ᠰᠤᠯᠨ ᠶᠠᠪᠤᠬᠤ ᠶᠢ ᠦᠯᠬᠦᠬᠦ ᠭᠡᠳᠡᠭ᠃ ᠡᠬᠦᠨ ᠢ ᠪᠠᠰᠠ ᠦᠷᠪᠠᠬᠦ ᠴᠦ ᠭᠡᠳᠡᠭ᠃ ᠭᠡᠯᠳᠤᠷᠢᠬᠦ᠄ ᠦᠯᠬᠦᠬᠦ ᠠᠴᠠ ᠠᠷᠠᠢ ᠲᠦᠷᠭᠡᠨ ᠶᠠᠪᠤᠬᠤ ᠶᠠᠪᠤᠳᠠᠯ᠃ ᠬᠦᠮᠤᠨ ᠤᠨᠤᠭᠰᠠᠨ᠂ ᠠᠴᠢᠶ᠎ᠠ ᠠᠴᠢᠭᠰᠠᠨ᠂ ᠲᠠᠭᠤᠬᠤ ᠪᠤᠶᠤ ᠬᠦᠳᠤᠯᠦᠭᠰᠠᠨ ᠪᠠᠶᠢᠳᠠᠯ ᠲᠤᠤᠷ᠎ᠠ ᠭᠡᠷᠡᠭᠯᠡᠭᠳᠠᠬᠦ ᠬᠠᠮᠤᠭ ᠤᠳᠠᠭᠠᠨ ᠠᠯᠬᠤᠬᠤ ᠶᠠᠪᠤᠳᠠᠯ ᠢ ᠭᠡᠯᠳᠤᠷᠢᠬᠦ ᠭᠡᠳᠡᠭ᠃       ᠰᠠᠵᠢᠯᠠᠬᠤ᠄ ᠭᠡᠯᠳᠤᠷᠢᠬᠦ ᠠᠴᠠ ᠠᠷᠠᠢ ᠲᠦᠷᠭᠡᠨ᠂ ᠠᠯᠬᠤᠬᠤ ᠠᠴᠠ ᠪᠠᠭ᠎ᠠ ᠯᠠ ᠤᠳᠠᠭᠠᠨ ᠶᠠᠪᠤᠳᠠᠯ᠃ ᠲᠠᠷᠨ ᠨᠢ ᠬᠦᠭᠰᠢᠤᠨ ᠨᠠᠰᠤᠳᠠᠶᠢᠴᠤᠤᠨ ᠤᠨᠤᠬᠤ ᠪᠤᠶᠤ ᠭᠡᠤᠭᠡᠤᠨ ᠨᠢᠯᠬᠠᠰ ᠲᠠᠬᠦᠷᠴᠤ ᠶᠠᠪᠤᠬᠤ ᠳᠤ ᠵᠤᠬᠢᠮᠵᠢᠳᠠᠢ ᠵᠦᠭᠡᠯᠠᠨ ᠶᠠᠪᠤᠳᠠᠯ ᠪᠤᠯᠤᠨ᠎ᠠ᠃ ᠡᠶᠢᠮᠤ ᠶᠠᠪᠤᠳᠠᠯ ᠨᠢ ᠬᠡᠤᠬᠡᠳ ᠳᠡᠭᠦᠷᠬᠦ ᠪᠤᠶᠤ ᠪᠤᠭ ᠮᠠᠯ ᠬᠠᠷᠢᠭᠤᠯᠬᠤ ᠳᠤ ᠲᠤᠬᠢᠷᠠᠮᠵᠢᠲᠠᠢ᠃       ᠠᠯᠬᠤᠬᠤ᠄ ᠲᠠᠮᠠᠭᠡᠨ ᠤ ᠠᠭᠠᠵᠢᠮ ᠶᠠᠪᠤᠳᠠᠯ ᠤᠨ ᠲᠤᠳᠤᠷ᠎ᠠ ᠬᠠᠮᠤᠭ ᠤᠯᠠᠨ ᠬᠠᠷᠠᠭᠳᠠᠬᠤ ᠶᠠᠪᠤᠳᠠᠯ ᠪᠤᠯᠤᠨ᠎ᠠ᠃ ᠲᠠᠷᠨ ᠨᠢ ᠬᠤᠯᠨ ᠵᠠᠮ ᠤᠨ ᠤᠨᠤᠯᠭ᠎ᠠ ᠠᠴᠢᠯᠭ᠎ᠠ᠂ ᠠᠶᠠᠨ ᠲᠠᠭᠡᠭᠡᠪᠤᠷᠢ ᠳᠤ ᠶᠠᠳᠠᠷᠠᠭ᠎ᠠ ᠪᠠᠭ᠎ᠠ᠂ ᠲᠠᠭᠠᠭᠠᠴᠠ ᠲᠠᠰᠪᠤᠷᠢᠳᠠᠢ ᠶᠠᠪᠤᠳᠠᠯ ᠪᠤᠯᠬᠤ ᠶᠤᠮ᠃ ᠠᠯᠬᠤᠬᠤ ᠶᠠᠪᠤᠳᠠᠯ ᠳᠤ ᠬᠠᠷ᠎ᠠ ᠠᠯᠬᠤᠭ᠎ᠠ᠂ ᠬᠠᠳᠠᠭᠤ ᠠᠯᠬᠤᠭ᠎ᠠ ︵ᠰᠢᠷᠤᠬᠦᠨ ᠠᠯᠬᠤᠭ᠎ᠠ︶᠂ ᠵᠦᠭᠡᠯᠠᠨ ᠠᠯᠬᠤᠭ᠎ᠠ᠂ ᠲᠦᠬᠦᠴᠠ ᠲᠠᠢ ᠠᠯᠬᠤᠭ᠎ᠠ ᠵᠠᠷᠭᠡ ᠤᠯᠠᠨ ᠵᠦᠢᠯ ᠤᠨ ᠠᠯᠬᠤᠭ᠎ᠠ ᠪᠣᠢ᠃ ᠡᠬᠦᠨ ᠤ ᠲᠤᠳᠤᠷ᠎ᠠ ᠠᠴᠠ ᠬᠠᠳᠠᠭᠤ ᠠᠯᠬᠤᠭ᠎ᠠ ᠶᠢ ᠭᠠᠷᠭᠠᠪᠠᠯ ᠪᠤᠰᠤᠤᠨ ᠠᠯᠬᠤᠭ᠎ᠠ ᠨᠢ ᠤᠨᠤᠯᠭ᠎ᠠ ᠳᠤ ᠴᠦᠮ ᠡᠪᠯᠢᠭ ᠵᠦᠭᠡᠯᠠᠨ᠃ ᠡᠶᠢᠮᠤ ᠠᠴᠠ ᠬᠦᠮᠤᠰ ︽ᠠᠯᠬᠤᠭ᠎ᠠ ᠰᠠᠶᠢᠳᠠᠢ ᠠᠳᠠ ᠪᠠᠨ ᠤᠨᠤᠵᠤ᠂ ᠠᠯᠤᠰ ᠤᠨ ᠵᠠᠮ ᠢ ᠲᠤᠭᠤᠯᠵᠤ ᠶᠠᠪᠤᠬᠤ ᠰᠠᠶᠢᠬᠠᠨ︾ ᠭᠡᠵᠤ ᠶᠠᠷᠢᠳᠠᠭ᠃       ᠬᠠᠷ᠎ᠠ ᠠᠯᠬᠤᠭ᠎ᠠ᠄ ᠠᠯᠬᠤᠬᠤ ᠶᠠᠪᠤᠳᠠᠯ ᠤᠨ ᠬᠠᠮᠤᠭ ᠬᠤᠷᠳᠤᠨ ᠶᠠᠪᠤᠳᠠᠯ᠃ ᠬᠠᠷ᠎ᠠ ᠠᠯᠬᠤᠭ᠎ᠠ ᠨᠢ ᠭᠠᠵᠠᠷ ᠬᠤᠷᠤᠭᠠᠬᠤ ᠪᠠᠷ ᠰᠠᠶᠢᠨ ᠪᠦᠭᠡᠤᠨ ᠤᠨᠤᠭᠰᠠᠨ ᠬᠦᠮᠤᠨ ᠪᠠ ᠤᠨᠤᠯᠭ᠎ᠠ ᠶᠢᠨ ᠲᠠᠮᠡᠭᠡ ᠵᠤᠪᠠᠭ᠋ᠤ ᠦᠭᠡᠢ ᠬᠠᠮᠤᠭ ᠰᠠᠶᠢᠨ ᠶᠠᠪᠤᠳᠠᠯ ᠪᠤᠯᠬᠤ ᠶᠤᠮ᠃ ᠬᠠᠷ᠎ᠠ ᠠᠯᠬᠤᠭ᠎ᠠ ᠳᠤ ᠬᠦᠵᠤᠬᠦᠤ ᠲᠠᠯᠪᠢᠵᠤ ᠰᠢᠯᠢ ᠬᠠᠶᠠᠯᠠᠬᠤ᠂ ᠴᠠᠭᠡᠵᠢ ᠵᠠᠶᠢᠮᠤᠵᠤ ᠬᠤᠯᠨ ᠲᠠᠳᠠᠬᠤ ᠵᠠᠷᠭᠡ ᠲᠦᠬᠦᠴᠠ ᠲᠠᠢ ᠲᠠᠭᠡᠷ᠎ᠠ ᠪᠠᠨ ᠰᠠᠶᠢᠬᠠᠨ ᠶᠠᠪᠤᠳᠠᠯ ᠤᠳ ᠪᠣᠢ᠃       ᠬᠠᠳᠠᠭᠤ ᠠᠯᠬᠤᠭ᠎ᠠ᠄ ᠬᠤᠷᠳᠤᠴᠠ ᠪᠠ ᠭᠡᠯᠪᠠᠷᠢ ᠨᠢ ᠬᠠᠷ᠎ᠠ ᠠᠯᠬᠤᠭ᠎ᠠ ᠲᠠᠢ ᠨᠠᠯᠢᠶᠠᠤᠨ ᠠᠳᠠᠯᠢᠪᠳᠤᠷ ᠪᠤᠯᠪᠠᠴᠤ ᠤᠨᠤᠯᠭ᠎ᠠ ᠠᠴᠢᠯᠭ᠎ᠠ ᠳᠤ ᠡᠪ ᠦᠭᠡᠢ᠂ ᠵᠠᠩᠭᠤᠷᠭ᠎ᠠ ᠶᠠᠭᠡᠳᠠᠢ᠃ ᠡᠬᠦᠨ ᠢ ᠪᠠᠰᠠ ᠬᠠᠳᠠᠭᠤ ᠶᠠᠪᠤᠳᠠᠯ ᠪᠤᠶᠤ ᠲᠦᠡᠭᠰᠢᠶ᠎ᠠ ᠠᠯᠬᠤᠭ᠎ᠠ ᠭᠡᠵᠤ ᠭᠡᠯᠠᠳᠡᠭ᠃ ᠪᠦᠭᠡᠬᠦ᠄ ᠠᠯᠬᠤᠭ᠎ᠠ ᠠᠴᠠ ᠲᠦᠷᠭᠡᠨ᠂ ᠱᠤᠠᠠᠰᠢᠶ᠎ᠠ ᠠᠴᠠ ᠤᠳᠠᠭᠠᠨ ᠶᠠᠪᠤᠳᠠᠯ᠃ ᠡᠨᠡ ᠶᠠᠪᠤᠳᠠᠯ ᠨᠢ ᠲᠠᠤᠯᠠᠢ ᠶᠢᠨ ᠪᠦᠭᠡᠭᠡ ᠲᠠᠢ ᠠᠳᠠᠯᠢᠪᠳᠤᠷ ᠪᠦᠭᠡᠤᠨ ᠱᠤᠠᠠᠰᠢᠶ᠎ᠠ ᠶᠢ ᠪᠤᠳᠤᠪᠠᠯ ᠵᠦᠭᠡᠯᠠᠨ ᠨᠠᠮᠤᠭᠤᠨ᠃       ᠪᠦᠭᠡᠬᠦ ᠨᠢ ᠤᠨᠤᠭᠰᠠᠨ ᠬᠦᠮᠤᠨ ᠤ ᠪᠠᠶ᠎ᠠ ᠳᠤ ᠡᠪᠳᠠᠢ ᠪᠦᠭᠡᠳ ᠲᠦᠬᠦᠴᠠ ᠰᠠᠶᠢᠳᠠᠢ᠃ ᠪᠦᠭᠡᠬᠦ ᠳᠤ ᠵᠦᠭᠡᠯᠠᠨ ᠪᠦᠭᠡᠭᠡ᠂ ᠰᠢᠷᠤᠬᠦᠨ ᠪᠦᠭᠡᠭᠡ ᠭᠡᠵᠤ ᠪᠤᠢ᠃ ᠵᠦᠭᠡᠯᠠᠨ ᠪᠦᠭᠡᠭᠡ ᠪᠤᠯ ᠶᠠᠷᠤ ᠶᠢᠨ ᠪᠦᠭᠡᠭᠡ ᠠᠴᠠ ᠪᠠᠭ᠎ᠠ ᠯᠠ ᠵᠦᠭᠡᠯᠠᠨ ᠪᠦᠭᠡᠤᠨ ᠤᠳᠠᠭᠠᠨ ᠰᠢᠭ᠋ ᠪᠦᠭᠡᠬᠦ ᠶᠢ ᠭᠡᠯᠠᠳᠡᠭ᠃ ᠰᠢᠷᠤᠬᠦᠨ ᠪᠦᠭᠡᠭᠡ ᠪᠤᠯ ᠶᠠᠷᠤ ᠶᠢᠨ ᠪᠦᠭᠡᠭᠡ ᠠᠴᠠ ᠲᠦᠷᠭᠡᠨ ᠪᠦᠭᠡᠤᠨ ᠬᠠᠳᠠᠭᠤ᠂ ᠪᠦᠭᠡᠭᠡ ᠱᠤᠠᠠᠰᠢᠶ᠎ᠠ ᠬᠤᠯᠢᠯᠳᠤᠭᠤᠯᠤᠨ ᠶᠠᠪᠤᠬᠤ ᠶᠢ ᠭᠡᠯᠠᠳᠡᠭ᠃ ᠲᠤᠰ ᠶᠠᠪᠤᠳᠠᠯ ᠢᠶᠠᠷ ᠶᠠᠪᠤᠬᠤ ᠳᠤ ᠲᠠᠮᠠᠭᠡᠨ ᠤ ᠰᠢᠯᠢ ᠵᠤᠠᠠᠳᠤᠷ ᠨᠢ ᠪᠦᠷ ᠰᠡᠭᠰᠠᠯᠵᠠᠳᠠᠯ᠎ᠠ ᠬᠦᠳᠠᠯᠳᠡᠭ ᠪᠤᠯᠬᠤᠷ ᠰᠠᠭᠡᠬᠦᠯᠤᠨ᠎ᠠ᠂ ᠰᠠᠪᠢᠯᠵᠠᠬᠦᠯᠤᠨ᠎ᠠ ᠭᠡᠬᠦ ᠮᠠᠳᠤ ᠪᠠᠷ ᠭᠡᠯᠠᠬᠦ ᠴᠤ ᠪᠤᠢ᠃ 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ