ᠲᠡᠮᠡᠭᠡᠨ ᠤ ᠶᠠᠪᠤᠳᠠᠯ ︵ᠬᠤᠶᠠᠷ︶
ᠨᠡᠶᠢᠲᠡᠯᠡᠭᠰᠡᠨ ᠴᠠᠭ᠄
2024/2/28
       ᠱᠤᠠᠠᠰᠢᠬᠤ᠄ ᠪᠦᠭᠡᠬᠦ ᠠᠴᠠ ᠲᠦᠷᠭᠡᠨ᠂ ᠬᠦᠶᠤᠬᠦ ᠠᠴᠠ ᠤᠳᠠᠭᠠᠨ᠂ ᠲᠠᠮᠡᠭᠡ ᠪᠦᠷᠢ ᠳᠤ ᠪᠠᠶᠢᠳᠠᠭ ᠨᠢᠭᠡ ᠵᠦᠢᠯ ᠤᠨ ᠶᠠᠪᠤᠳᠠᠯ᠃ ᠲᠤᠰ ᠶᠠᠪᠤᠳᠠᠯ ᠨᠢ ᠤᠨᠤᠵᠤ ᠶᠠᠪᠤᠬᠤ ᠳᠤ ᠪᠠᠶ᠎ᠠ ᠳᠤ ᠬᠠᠪᠤ ᠦᠭᠡᠢ ᠪᠤᠯᠬᠤᠷ ᠬᠦᠮᠤᠰ ᠡᠬᠦᠨ ᠢ ︽ᠱᠤᠠᠠᠰᠢᠬᠤ ᠠᠴᠠ ᠦᠭᠡᠷ᠎ᠠ ᠶᠠᠪᠤᠳᠠᠯ ᠦᠭᠡᠢ᠂ ᠰᠤᠭᠳᠤᠬᠤ ᠠᠴᠠ ᠦᠭᠡᠷ᠎ᠠ ᠢᠳᠠ ᠦᠭᠡᠢ︾ ᠭᠡᠵᠤ ᠮᠠᠭᠤᠯᠠᠳᠠᠭ᠃ ᠱᠤᠠᠠᠰᠢᠶ᠎ᠠ ᠶᠢ ᠪᠠᠰᠠ ᠶᠤᠠᠠᠰᠢᠬᠤ ᠭᠡᠳᠡᠭ᠃       ᠲᠦᠷᠪᠠᠯᠵᠢᠯᠠᠬᠦ ︵ᠲᠤᠪᠳᠤᠯᠬᠤ︶᠄ ᠱᠤᠠᠠᠰᠢᠬᠤ ᠠᠴᠠ ᠲᠦᠷᠭᠡᠨ ᠰᠢᠭ ᠶᠠᠪᠤᠳᠠᠯ᠃ ᠡᠨᠡ ᠨᠢ ᠵᠦᠪᠳᠠᠢ ᠲᠠᠯ᠎ᠠ ᠶᠢᠨ ᠡᠮᠤᠨ᠎ᠠ ᠲᠠᠪᠠᠭ ᠢᠶᠠᠨ ᠪᠤᠷᠤᠭᠤᠳᠠᠢ ᠲᠠᠯ᠎ᠠ ᠶᠢᠨ ᠬᠤᠶᠢᠳᠤ ᠲᠠᠪᠠᠭ ᠲᠠᠢ᠂ ᠪᠤᠷᠤᠭᠤᠳᠠᠢ ᠲᠠᠯ᠎ᠠ ᠶᠢᠨ ᠡᠮᠤᠨ᠎ᠠ ᠲᠠᠪᠠᠭ ᠢᠶᠠᠨ ᠵᠦᠪᠳᠠᠢ ᠲᠠᠯ᠎ᠠ ᠶᠢᠨ ᠬᠤᠶᠢᠳᠤ ᠲᠠᠪᠠᠭ ᠲᠠᠢ ᠵᠠᠷᠭᠡᠴᠡᠭᠡ ᠬᠢᠰᠬᠢᠵᠤ ᠲᠦᠷᠪᠠᠯᠵᠢᠨ ᠮᠦᠷ ᠭᠠᠷᠭᠠᠳᠠᠭ ᠪᠤᠯᠬᠤᠷ ᠲᠦᠷᠪᠠᠯᠵᠢᠯᠠᠬᠦ ᠭᠡᠵᠤ ᠨᠠᠷᠠᠯᠠᠵᠠᠢ᠃       ᠲᠠᠰᠢᠬᠦ᠄ ᠱᠤᠠᠠᠰᠢᠶ᠎ᠠ ᠠᠴᠠ ᠲᠦᠷᠭᠡᠨ᠂ ᠲᠠᠪᠬᠢᠬᠤ ᠠᠴᠠ ᠤᠳᠠᠭᠠᠨ ᠬᠦᠶᠤᠳᠠᠯ᠃ ᠡᠨᠡ ᠨᠢ ᠤᠯᠠᠩᠬᠢ ᠳᠠᠭᠠᠨ ᠭᠠᠵᠠᠷ ᠤᠷᠤᠭᠤ ᠪᠠᠶ᠎ᠠ ᠶᠢᠨ ᠵᠠᠩᠭᠤᠷᠭ᠎ᠠ ᠬᠦᠴᠤᠨ ᠢᠶᠠᠷ ᠲᠠᠪᠬᠢᠨ ᠪᠠᠭᠤᠬᠤ ᠶᠠᠪᠤᠳᠠᠯ ᠢ ᠭᠡᠯᠠᠳᠡᠭ᠃ ᠡᠨᠡ ᠶᠠᠪᠤᠳᠠᠯ ᠢ ᠤᠨᠤᠯᠭ᠎ᠠ ᠡᠳ᠋ᠯᠡᠭᠡ ᠳᠤ ᠪᠠᠷᠤᠭ ᠬᠡᠷᠡᠭᠯᠡᠳᠡᠭ ᠦᠭᠡᠢ᠃ ᠡᠭᠦᠨ ᠢ ᠵᠠᠷᠢᠮ ᠬᠦᠮᠦᠨ ᠪᠠᠰᠠ ᠬᠠᠶᠢᠮᠡᠯ ᠢᠩᠭᠡᠨ ᠤ ᠣᠨᠴᠠᠭᠠᠢ ᠶᠠᠪᠤᠳᠠᠯ ᠭᠡᠵᠤ ᠬᠡᠯᠡᠳᠡᠭ᠃       ᠬᠦᠶᠤᠬᠦ᠄ ᠲᠠᠰᠢᠬᠦ ᠠᠴᠠ ᠬᠤᠷᠳᠤᠨ ᠶᠠᠪᠤᠬᠤ ᠶᠠᠪᠤᠳᠠᠯ ᠤᠨ ᠶᠠᠷᠤᠡᠭᠡᠶᠢᠯᠡᠭᠰᠠᠨ ᠨᠠᠷᠠᠶᠢᠳᠤᠯ᠃ ᠬᠦᠶᠤᠬᠦ ᠪᠤᠯ ᠲᠠᠮᠠᠭᠡᠨ ᠤ ᠬᠠᠮᠤᠭ ᠲᠦᠷᠭᠡᠨ ᠶᠠᠪᠤᠳᠠᠯ ᠪᠤᠯᠤᠨ᠎ᠠ᠃ ᠡᠨᠡ ᠶᠠᠪᠤᠳᠠᠯ ᠢᠶᠠᠷ ᠡᠩ ᠤᠨ ᠪᠠᠶᠢᠳᠠᠯ ᠳᠤ ᠬᠠᠮᠤᠭ ᠬᠤᠯᠨ ᠳᠠᠭᠠᠨ 20 ~ 30 ᠭᠠᠵᠠᠷ ᠶᠠᠪᠤᠵᠤ ᠲᠠᠶᠢᠯᠳᠡᠭ᠃       ᠲᠠᠪᠠᠷᠠᠬᠤ᠄ ᠲᠤᠪᠳᠤᠯᠬᠤ ᠠᠴᠠ ᠬᠤᠷᠳᠤᠨ ᠰᠢᠭ᠋ ᠰᠢᠷᠤᠬᠦᠨ ᠶᠠᠪᠤᠳᠠᠯ᠃ ᠲᠤᠰ ᠶᠠᠪᠤᠳᠠᠯ ᠨᠢ ᠤᠨᠤᠭᠰᠠᠨ ᠬᠦᠮᠤᠨ ᠤ ᠪᠠᠶ᠎ᠠ ᠳᠤ ᠬᠠᠳᠠᠭᠤ᠂ ᠡᠪ ᠮᠠᠭᠤᠳᠠᠢ ᠪᠤᠯᠬᠤᠷ ᠲᠠᠪᠠᠷᠠᠭᠠᠵᠤ ᠶᠠᠪᠤᠭ᠎ᠠ ᠬᠦᠮᠤᠨ ᠵᠠᠪᠠᠯ ᠳᠦᠷᠦᠭᠡ ᠵᠢᠬᠢᠨ ᠦᠡᠳᠠᠶᠢᠵᠤ ᠶᠠᠪᠤᠬᠤ ᠴᠢᠬᠤᠯᠠᠳᠠᠢ᠃ ᠡᠶᠢᠮᠤ ᠠᠴᠠ ᠲᠤᠰ ᠶᠠᠪᠤᠳᠠᠯ ᠢ ᠦᠡᠳᠠᠶᠢᠯᠭᠡᠬᠦ᠂ ᠦᠰᠤᠷᠭᠡᠬᠦ ᠭᠡᠵᠤ ᠴᠤ ᠭᠡᠯᠠᠳᠡᠭ᠃       ᠲᠠᠪᠬᠢᠬᠤ ︵ᠰᠤᠪᠤᠷᠠᠭᠠᠬᠤ︶᠄ ᠲᠠᠮᠠᠭᠡᠨ ᠤ ᠪᠦᠬᠦ ᠬᠤᠷᠳᠤᠴᠠ ᠪᠠᠷ ᠶᠠᠪᠤᠬᠤ ᠶᠠᠪᠤᠳᠠᠯ᠃ ᠬᠤᠷᠳᠤᠨ ᠲᠠᠮᠠᠭᠡᠨ ᠳᠤ ᠪᠠᠶᠢᠳᠠᠭ ᠬᠠᠮᠤᠭ ᠲᠦᠷᠭᠡᠨ ᠬᠦᠶᠤᠳᠠᠯ᠃ ᠲᠤᠰ ᠶᠠᠪᠤᠳᠠᠯ ᠨᠢ ᠪᠠᠷᠤᠭ ᠤᠷᠤᠯᠳᠤᠭᠠᠨ ᠳᠤ ᠯᠠ ᠪᠠᠶᠢᠳᠠᠭ ᠪᠦᠭᠡᠤᠨ ᠬᠢᠰᠬᠢᠬᠦ ᠭᠡᠯᠪᠠᠷᠢ ᠨᠢ ᠵᠦᠪᠳᠠᠢ ᠲᠠᠯ᠎ᠠ ᠶᠢᠨ ᠬᠤᠶᠢᠳᠤ ᠬᠦᠯ ᠨᠢ ᠪᠤᠷᠤᠭᠤᠳᠠᠢ ᠲᠠᠯ᠎ᠠ ᠶᠢᠨ ᠡᠮᠤᠨ᠎ᠠ ᠬᠦᠯ ᠤᠨ ᠮᠦᠷ ᠤᠨ ᠢᠶᠠᠨ ᠡᠮᠤᠨ᠎ᠠ ᠨᠢ᠂ ᠪᠤᠷᠤᠭᠤᠳᠠᠢ ᠲᠠᠯ᠎ᠠ ᠶᠢᠨ ᠬᠤᠶᠢᠳᠤ ᠬᠦᠯ ᠨᠢ ᠵᠦᠪᠳᠠᠢ ᠲᠠᠯ᠎ᠠ ᠶᠢᠨ ᠡᠮᠤᠨ᠎ᠠ ᠬᠦᠯ ᠤᠨ ᠮᠦᠷ ᠤᠨ ᠢᠶᠠᠨ ᠡᠮᠤᠨ᠎ᠠ ᠨᠢ ᠬᠢᠰᠬᠢᠵᠤ ᠭᠠᠭᠴᠠ ᠭᠠᠭᠴᠠ ᠪᠠᠷ ᠠᠷᠤ ᠠᠷᠤ ᠠᠴᠠ ᠪᠠᠨ ᠰᠤᠪᠤᠷᠠᠭᠰᠠᠨ ᠵᠠᠢ ᠰᠠᠴᠠᠭᠤ ᠮᠦᠷ ᠭᠠᠷᠳᠠᠭ ᠪᠤᠯᠬᠤᠷ ᠲᠠᠬᠦᠨ ᠢ ᠰᠢᠯᠪᠢ ᠵᠦᠷᠢᠭᠦᠯᠬᠦ᠂ ᠭᠠᠭᠴᠠ ᠭᠠᠭᠴᠠ ᠲᠤᠰᠬᠠᠬᠤ᠂ ᠰᠤᠪᠤᠷᠠᠭᠠᠬᠤ ᠭᠡᠵᠤ ᠨᠠᠷᠠᠯᠠᠵᠠᠢ᠃ ᠡᠨᠡ ᠶᠠᠪᠤᠳᠠᠯ ᠢ ᠮᠠᠯᠴᠢᠤᠨ ︽ᠰᠤᠪᠤᠷᠠᠭᠠᠵᠤ ᠶᠠᠪᠤᠬᠤ ᠳᠤ ᠠᠳᠠ ᠰᠠᠶᠢᠬᠠᠨ᠂ ᠰᠤᠠᠳᠠᠯᠠᠵᠤ ᠶᠠᠪᠤᠬᠤ ᠳᠤ ᠠᠮᠠᠷᠠᠭ ᠰᠠᠶᠢᠬᠠᠨ︾ ᠭᠡᠵᠤ ᠵᠦᠢᠷᠯᠡᠳᠡᠭ᠃       ᠴᠤᠪᠬᠤᠷᠠᠬᠤ ︵ᠲᠠᠪᠭᠡᠴᠠᠬᠦ︶᠄ ᠡᠮᠤᠨ᠎ᠠ ᠬᠤᠶᠠᠷ ᠬᠦᠯ ᠪᠠ ᠬᠤᠶᠢᠳᠤ ᠬᠤᠶᠠᠷ ᠬᠦᠯ ᠢᠶᠠᠨ ᠵᠠᠷᠭᠡᠪᠠᠷ ᠲᠠᠪᠭᠡᠷᠴᠤ ᠶᠠᠪᠤᠬᠤ ᠶᠠᠪᠤᠳᠠᠯ᠃ ᠡᠨᠡ ᠨᠢ ᠭᠤᠤᠯᠳᠠᠭᠤ ᠲᠤᠰᠢᠶ᠎ᠠ ᠲᠠᠢ ᠪᠤᠶᠤ ᠴᠤᠮᠤᠭ᠎ᠠ ᠲᠠᠢ ᠦᠶ᠎ᠠ ᠳᠤ ᠶᠠᠪᠤᠬᠤ ᠤᠠᠴᠠᠭᠠᠢ ᠶᠠᠪᠤᠳᠠᠯ ᠪᠤᠯᠤᠨ᠎ᠠ᠃       ᠴᠦᠮᠴᠢᠬᠦ᠄ ᠡᠮᠤᠨ᠎ᠠ ᠬᠤᠶᠠᠷ ᠬᠦᠯ ᠢᠶᠠᠨ ᠲᠤᠩ ᠤᠶᠢᠷᠠᠬᠠᠨ ᠬᠢᠰᠬᠢᠵᠤ ᠶᠠᠪᠤᠬᠤ ᠶᠠᠪᠤᠳᠠᠯ᠃ ᠡᠨᠡ ᠨᠢ ᠭᠤᠤᠯᠳᠠᠭᠤ ᠲᠤᠰᠢᠶ᠎ᠠ ᠲᠠᠢ ᠪᠤᠶᠤ ᠵᠢᠯᠪᠢᠡᠭᠳᠥᠭᠰᠠᠨ ᠲᠠᠮᠠᠭᠡᠨ ᠳᠤ ᠪᠠᠶᠢᠳᠠᠭ ᠶᠠᠪᠤᠳᠠᠯ ᠪᠤᠯᠤᠨ᠎ᠠ᠃       ᠲᠠᠪᠠᠴᠠᠬᠤ᠄ ᠡᠮᠤᠨ᠎ᠠ ᠬᠤᠶᠠᠷ ᠬᠦᠯ ᠪᠠ ᠬᠤᠶᠢᠳᠤ ᠬᠤᠶᠠᠷ ᠬᠦᠯ ᠨᠢ ᠵᠡᠷᠭᠡ ᠪᠠᠷ ᠲᠠᠪᠭᠡᠴᠠᠨ ᠴᠤᠪᠬᠤᠴᠢᠵᠤ ᠦᠰᠤᠷᠬᠢᠯᠠᠬᠦ‍ ᠨᠢᠭᠡ ᠵᠦᠢᠯ ᠤᠨ ᠶᠠᠪᠤᠳᠠᠯ᠃ ᠡᠨᠡ ᠨᠢ ᠭᠡᠳᠦ᠋ᠢᠪᠠᠷ ᠴᠤᠪᠬᠤᠷᠠᠬᠤ ᠲᠠᠢ ᠠᠳᠠᠯᠢᠪᠳᠤᠷ ᠪᠤᠯᠪᠠᠴᠤ ᠲᠤᠰᠢᠶ᠎ᠠ ᠴᠤᠮᠤᠭ᠎ᠠ ᠦᠭᠡᠢ ᠰᠤᠯᠨ ᠲᠤᠷ᠎ᠠ ᠪᠠᠷ ᠪᠠᠶᠢᠬᠤ ᠨᠦᠬᠦᠴᠠᠯ ᠲᠤᠤᠷᠠᠬᠢ ᠶᠠᠪᠤᠳᠠᠯ ᠪᠤᠯᠤᠨ᠎ᠠ᠃ ᠡᠨᠡ ᠨᠢ ᠤᠨᠤᠯᠭ᠎ᠠ ᠠᠴᠢᠯᠭ᠎ᠠ ᠳᠤ ᠪᠠᠶᠢᠳᠠᠭ ᠶᠠᠷᠤ ᠶᠢᠨ ᠶᠠᠪᠤᠳᠠᠯ ᠪᠢᠰᠢ᠂ ᠬᠠᠷᠢᠨ ᠦᠷᠬᠦᠵᠤ ᠰᠤᠴᠢᠨ ᠲᠠᠪᠠᠳᠠᠵᠤ ᠰᠠᠡᠳᠤᠷᠤᠭᠰᠠᠨ᠂ ᠭᠡᠨᠳᠡᠭ ᠡᠭᠳᠠᠬᠦᠤ ᠨᠢ ᠬᠦᠷᠥᠭᠰᠠᠨ ᠪᠤᠶᠤ ᠬᠠᠷ᠎ᠠ ᠬᠤᠷᠳᠤ ᠪᠠᠷ ᠢᠶᠠᠨ ᠬᠦᠶᠤᠵᠤ ᠪᠠᠶᠢᠭᠰᠠᠨ ᠲᠠᠮᠡᠭᠡ ᠬᠦᠶᠤᠳᠠᠯ ᠬᠢᠰᠬᠢᠳᠠᠯ ᠢᠶᠠᠨ ᠠᠯᠳᠠᠭᠰᠠᠨ ︵ᠬᠦᠯ ᠠᠯᠳᠠᠭᠰᠠᠨ︶ ᠦᠶ᠎ᠠ ᠳᠤ ᠭᠠᠷᠳᠠᠭ ᠨᠢᠭᠡᠨ ᠵᠦᠢᠯ ᠤᠨ ᠲᠤᠭᠰᠢᠨ ᠰᠢᠷᠤᠬᠦᠨ ᠬᠦᠳᠠᠯᠤᠯ ᠪᠤᠯᠤᠨ᠎ᠠ᠃       ᠲᠠᠩᠭᠠᠴᠢᠬᠤ ︵ᠲᠤᠩᠭᠤᠴᠢᠬᠤ︶᠄ ᠲᠠᠪᠠᠴᠠᠬᠤ ᠲᠠᠢ ᠠᠳᠠᠯᠢᠪᠳᠤᠷ ᠪᠤᠯᠪᠠᠴᠤ ᠲᠤᠯᠤᠭᠠᠢ ᠬᠦᠵᠤᠬᠦᠤ ᠪᠠᠨ ᠲᠤᠷᠤᠭᠰᠢ ᠪᠤᠯᠭᠠᠵᠤ᠂ ᠲᠤᠭᠳᠠᠮᠠᠯ ᠴᠢᠭᠯᠡᠯ ᠪᠠ ᠬᠢᠰᠬᠢᠳᠡᠯ ᠦᠭᠡᠢ ᠪᠠᠷ ᠡᠷᠤᠢ ᠬᠤᠷᠤᠢ ᠦᠭᠡᠢ ᠲᠠᠪᠠᠴᠠᠨ ᠦᠰᠤᠷᠬᠢᠯᠠᠬᠦ ᠶᠢ ᠭᠡᠯᠠᠳᠡᠭ᠃       ᠪᠤᠬᠠᠬᠤ᠄ ᠲᠤᠩᠭᠤᠴᠢᠬᠤ ᠲᠠᠢ ᠠᠳᠠᠯᠢ ᠪᠤᠯᠪᠠᠴᠤ ᠬᠠᠮᠠᠷ ᠪᠤᠷᠠᠠᠳᠠᠭ ᠢᠶᠠᠨ ᠪᠤᠯᠢᠶᠠᠨ᠂ ᠲᠤᠯᠤᠭᠠᠢ ᠪᠠᠨ ᠤᠮᠤᠷᠤᠤ ᠲᠤᠤᠷ᠎ᠠ ᠪᠠᠨ ᠠᠪᠴᠤ ᠲᠠᠪᠠᠴᠠᠨ ᠦᠰᠤᠷᠬᠢᠯᠠᠬᠦ ᠶᠢ ᠵᠢᠭᠠᠳᠠᠭ᠃ ᠡᠨᠡ ᠨᠢ ᠮᠦᠨ ᠬᠦᠮᠤᠨ ᠤᠨᠤᠭᠰᠠᠨ ᠦᠶ᠎ᠠ ᠳᠤ ᠵᠤᠷᠢᠭᠤᠳᠠ ᠲᠦᠢᠯᠠᠬᠤ ᠶᠢᠨ ᠨᠢᠭᠡ ᠭᠡᠯᠪᠠᠷᠢ ᠪᠤᠯᠤᠨ᠎ᠠ᠃       ᠲᠤᠭᠯᠠᠬᠤ᠄ ᠬᠢᠰᠬᠢᠳᠠᠯ ᠨᠢ ᠲᠠᠪᠠᠴᠠᠬᠤ ᠲᠠᠢ ᠠᠳᠠᠯᠢᠬᠠᠨ ᠪᠠᠶᠢᠳᠠᠭ᠃ ᠭᠤᠤᠯᠳᠠᠭᠤ ᠪᠠᠭ᠎ᠠ ᠨᠠᠰᠤᠨ ᠤ ᠪᠤᠶᠤ ᠲᠠᠷᠭᠤ ᠬᠦᠴᠤ ᠲᠠᠢ᠂ ᠡᠮᠨᠢᠭ ᠬᠠᠨᠭ᠍ᠭᠠᠯ ᠲᠠᠮᠠᠭᠡᠨ ᠤ ᠨᠠᠭᠠᠤᠠᠴᠤ ᠪᠤᠶᠢᠷᠭᠠᠬᠤ ᠦᠶ᠎ᠠ ᠶᠢᠨ ᠶᠠᠪᠤᠳᠠᠯ ᠪᠤᠯᠤᠨ᠎ᠠ᠃       ᠪᠤᠯᠬᠢᠬᠤ ︵ᠬᠠᠯᠢᠰᠬᠤ︶᠄ ᠶᠠᠪᠤᠳᠠᠯ ᠳᠤᠮᠳᠠ ᠠᠴᠠ ᠪᠠᠨ ᠭᠡᠨᠠᠤᠡᠳᠠ ᠭᠡᠳᠠᠷᠬᠦ ᠡᠷᠬᠢᠵᠤ ᠦᠰᠤᠷᠬᠦ ᠪᠤᠶᠤ ᠲᠠᠪᠠᠴᠠᠬᠤ᠃ ᠲᠤᠰ ᠶᠠᠪᠤᠳᠠᠯ ᠨᠢ ᠡᠮᠤᠨ᠎ᠠ ᠪᠤᠶᠤ ᠬᠠᠵᠠᠭᠤ ᠲᠠᠯ᠎ᠠ ᠠᠴᠠ ᠪᠠᠨ ᠦᠷᠬᠦᠵᠤ ᠰᠤᠴᠢᠨ ᠲᠠᠪᠠᠳᠠᠵᠤ ᠰᠠᠡᠳᠤᠷᠤᠭᠰᠠᠨ ᠦᠶ᠎ᠠ ᠳᠤ ᠭᠠᠷᠳᠠᠭ᠃ ᠡᠭᠦᠨ ᠠᠴᠠ ᠭᠠᠳᠠᠨ᠎ᠠ ᠲᠠᠮᠠᠭᠡᠨ ᠳᠤ ᠪᠠᠰᠠ ᠵᠦᠭᠡᠯᠠᠨ ᠶᠠᠪᠤᠳᠠᠯ᠂ ᠵᠦᠭᠡᠯᠠᠨ ᠶᠠᠪᠤᠳᠠᠯ ᠤᠨ ᠡᠰᠠᠷᠬᠦ ᠬᠠᠳᠠᠭᠤ ᠶᠠᠪᠤᠳᠠᠯ᠂ ᠬᠠᠳᠠᠭᠤ ᠶᠠᠪᠤᠳᠠᠯ ᠠᠴᠠ ᠪᠠᠨ ᠬᠠᠳᠠᠭᠤ ᠶᠠᠬᠢᠷ ᠶᠠᠪᠤᠳᠠᠯ᠂ ᠴᠠᠴᠠᠷᠡᠭᠡ ᠮᠠᠶ᠋ᠢᠭ ᠲᠠᠢ ᠮᠢᠵᠢᠷᠡᠭᠡ ᠶᠠᠪᠤᠳᠠᠯ ᠭᠡᠬᠦ ᠮᠠᠳᠤ ᠶᠢᠨ ᠦᠪᠠᠷᠮᠢᠴᠠ ᠶᠠᠪᠤᠳᠠᠯ ᠬᠢᠰᠬᠢᠳᠠᠯ ᠲᠠᠢ᠃ 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ