ᠸᠢᠴᠠᠲ ᠳᠡᠭᠡᠷ᠎ᠡ ᠡᠭᠦᠨ ᠢ ᠲᠦᠭᠡᠭᠡᠨ ᠲᠠᠷᠬᠠᠭᠠᠪᠠᠯ ᠬᠠᠤᠯᠢ ᠶᠢ ᠵᠥᠷᠢᠴᠡᠵᠦ ᠮᠠᠭᠠᠳ ᠦᠭᠡᠢ︕
ᠨᠡᠶᠢᠲᠡᠯᠡᠭᠰᠡᠨ ᠴᠠᠭ᠄
2024/2/28
       ᠣᠶᠢᠷ᠎ᠠ ᠳᠤ᠂ ᠱᠠᠨᠳᠦ᠋ᠩ ᠤᠨ ᠳ᠋ᠧᠵᠸᠦ ᠶᠢᠨ ᠫᠠᠨ ᠠᠪᠤᠭᠠᠶ ᠲᠤᠰᠬᠠᠬᠤ ᠳᠠᠭᠠᠨ᠂ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠠᠴᠠ ᠡᠬᠢᠯᠡᠨ ᠪᠢ ᠤᠯᠠᠨ ᠸᠢᠴᠠᠲ ᠤᠨ ᠬᠤᠯᠪᠣᠭ᠎ᠠ ᠳᠤ ᠵᠠᠷᠢᠮ ᠬᠥᠮᠦᠨ ᠴᠠᠭᠠᠨ ᠰᠠᠷ᠎ᠠ ᠶᠢᠨ ᠬᠤᠭᠤᠴᠠᠭᠠᠨ ᠳᠤ ᠬᠤᠯᠠᠭᠠᠶᠢᠯᠠᠨ ᠬᠡᠪᠯᠡᠭᠰᠡᠨ ᠺᠢᠨᠣ᠋ ᠶᠢ ᠳᠠᠮᠵᠢᠭᠤᠯᠤᠨ ᠲᠠᠷᠬᠠᠭᠠᠵᠤ ᠪᠠᠶᠢᠬᠤ ᠶᠢ ᠣᠯᠵᠤ ᠬᠠᠷᠠᠵᠠᠶ᠂ ᠡᠭᠦᠨ ᠤ ᠳᠣᠲᠣᠷᠠᠬᠢ ᠣᠯᠠᠩᠬᠢ ᠶᠢ ᠨᠢ ᠰᠦᠢᠳᠭᠡᠯ ᠬᠤᠷᠢᠶᠠᠬᠤ ᠥᠬᠡᠶ ᠪᠠᠷ ᠦᠵᠡᠬᠦᠯᠳᠡᠭ ᠪᠤᠯᠪᠠᠴᠤ ᠪᠠᠰᠠ ᠬᠡᠳᠦᠨ ᠲᠥᠭᠦᠷᠢᠭ ᠤᠨ ᠰᠦᠢᠳᠭᠡᠯ ᠬᠤᠷᠢᠶᠠᠬᠤ ᠶᠢ ᠲᠤᠳᠤᠷᠬᠠᠶᠢᠯᠠᠬᠰᠠᠨ ︽ᠤᠨᠴᠠ ᠲᠤᠳᠤᠷᠬᠠᠢ ᠬᠡᠪᠯᠡᠯ︾ ᠤᠨ ᠴᠥᠷᠬᠡᠯᠡᠭᠡ ᠪᠠᠶᠢᠳᠠᠭ᠂ ᠡᠭᠦᠨ ᠢ ᠦᠵᠡᠬᠦ ᠳᠤ ᠸᠢᠴᠠᠲ ᠤᠨ ᠬᠤᠯᠪᠣᠭ᠎ᠠ ᠳᠣᠲᠣᠷᠠᠬᠢ ᠰᠠᠶᠢᠨ ᠨᠠᠶᠢᠵᠠ ᠨᠠᠷ ᠲᠠᠭᠠᠨ ᠠᠰᠠᠷᠠᠮᠵᠢ ᠬᠦᠷᠭᠡᠵᠦ ᠪᠠᠶᠢᠭ᠎ᠠ ᠦᠢᠯᠡ ᠠᠵᠢᠯᠯᠠᠭ᠎ᠠ ᠶᠤᠮ ᠰᠢᠭ᠋ ᠪᠤᠯᠪᠠᠴᠤ ᠦᠨᠡᠨ ᠳᠡᠭᠡᠨ ᠬᠠᠤᠯᠢ ᠴᠠᠭᠠᠵᠠ ᠶᠢ ᠵᠦᠷᠢᠴᠡᠭᠰᠡᠨ ᠰᠡᠵᠢᠭᠳᠡᠢ ᠭᠡᠵᠦ ᠲᠤᠰᠬᠠᠪᠠ᠃ ᠫᠠᠨ ᠠᠪᠤᠭᠠᠶ ᠠᠴᠠ ᠭᠠᠳᠠᠨ᠎ᠠ ᠣᠯᠠᠩᠬᠢ ᠰᠦᠯᠵᠢᠶᠡᠴᠢᠳ ᠴᠤ ᠸᠢᠴᠠᠲ ᠤᠨ ᠬᠤᠯᠪᠣᠭ᠎ᠠ ᠠᠴᠠ ᠪᠠᠨ ᠡᠲᠡᠭᠡᠷ ᠬᠠᠯᠠᠮᠰᠢᠯ ᠲᠠᠢ ᠺᠢᠨᠣ᠋ ᠶᠢᠨ ᠰᠦᠯᠵᠢᠶᠡᠨ ᠤ ᠬᠠᠶ᠋ᠢᠭ ᠢ ᠤᠯᠵᠤ ᠠᠪᠴᠠᠢ᠂ ᠵᠠᠷᠢᠮ ᠬᠥᠮᠦᠨ ᠨᠠᠶᠢᠵᠠ ᠶᠢᠨ ᠲᠣᠭᠤᠷᠢᠭ ᠲᠠᠭᠠᠨ ︽10 ᠲᠥᠭᠦᠷᠢᠭ ᠤᠨ ᠪᠠᠭᠯᠠᠭ᠎ᠠ ᠲᠠᠢ ᠴᠠᠭᠠᠨ ᠰᠠᠷ᠎ᠠ ᠶᠢᠨ ᠺᠢᠨᠤ᠋︾ ᠢᠶᠠᠷ ᠡᠲᠡᠭᠡᠷ ᠴᠥᠷᠬᠡᠯᠡᠭᠡ ᠶᠢ ᠬᠤᠳᠠᠯᠳᠤᠵᠤ ᠪᠤᠢ᠂ ᠵᠠᠷᠢᠮ ᠬᠥᠮᠦᠨ ᠪᠠᠰᠠ ᠡᠲᠡᠭᠡᠷ ᠴᠥᠷᠬᠡᠯᠡᠭᠡ ᠶᠢ ᠪᠠᠭᠯᠠᠵᠦ ᠰᠢᠨ᠎ᠡ ᠵᠢᠯ ᠤᠨ ᠮᠡᠨᠳᠦᠴᠢᠯᠡᠯ ᠬᠦᠷᠭᠡᠵᠦ ᠪᠠᠶᠢᠨ᠎ᠠ᠃        ᠡᠭᠦᠨ ᠤ ᠲᠤᠬᠠᠢ ᠪᠡᠭᠡᠵᠢᠩ ᠤᠨ ᠳ᠋ᠧ ᠾᠧᠩ ︵ᠵᠢᠨᠠᠨ︶ ᠬᠠᠤᠯᠢᠴᠢ ᠶᠢᠨ ᠬᠡᠷᠡᠭ ᠡᠷᠬᠢᠯᠡᠬᠦ ᠭᠠᠵᠠᠷ ᠤᠨ ᠯᠢ ᠴᠧᠩ ᠪᠦᠦ ᠬᠡᠯᠡᠬᠦ ᠳᠡᠭᠡᠨ᠂ ᠬᠤᠯᠠᠭᠠᠶᠢᠯᠠᠨ ᠬᠡᠪᠯᠡᠭᠰᠡᠨ ᠺᠢᠨᠣ᠋ ᠶᠢᠨ ᠡᠬᠢ ᠪᠠᠶᠠᠯᠢᠭ ᠢ ᠬᠠᠭᠤᠯᠪᠤᠷᠢᠯᠠᠵᠦ᠂ ᠲᠦᠭᠡᠭᠡᠨ ᠲᠠᠷᠬᠠᠭᠠᠬᠤ ᠨᠢ ᠲᠡᠷᠡ ᠴᠢᠭ ᠢᠶᠠᠷ ᠢᠶᠠᠨ ᠺᠢᠨᠣ᠋ ᠶᠢᠨ ᠡᠷᠬᠡᠲᠦ ᠬᠥᠮᠦᠨ ᠤ ᠲᠠᠷᠬᠠᠭᠠᠬᠤ ᠡᠷᠬᠡ ᠪᠠ ᠰᠦᠯᠵᠢᠶᠡᠨ ᠤ ᠬᠡᠪᠯᠡᠯ ᠤᠨ ᠡᠷᠬᠡ ᠳᠤ ᠬᠠᠯᠳᠠᠭᠰᠠᠨ ᠶᠠᠪᠤᠳᠠᠯ ᠪᠣᠯᠬᠤ ᠶᠤᠮ ᠭᠡᠵᠡᠶ᠃ ᠬᠤᠯᠠᠭᠠᠶᠢᠯᠠᠨ ᠬᠡᠪᠯᠡᠭᠰᠡᠨ ᠺᠢᠨᠣ᠋ ᠶᠢᠨ ᠴᠥᠷᠬᠡᠯᠡᠭᠡ ᠶᠢᠨ ᠲᠠᠨᠢᠯ ᠪᠤᠰᠤ ᠬᠦᠮᠦᠰ ᠲᠤ ᠬᠠᠨᠳᠤᠭᠤᠯᠤᠬᠰᠠᠨ ᠰᠦᠯᠵᠢᠶᠡᠨ ᠥᠷᠲᠡᠭᠡ ᠶᠢᠨ ᠵᠠᠷᠢᠮ ᠴᠥᠷᠬᠡᠯᠡᠭᠡ ᠶᠢᠨ ᠲᠣᠰ ᠪᠡᠶ᠎ᠡ ᠳᠤ ᠸᠢᠷᠦ᠋ᠰ ᠤᠷᠤᠭᠤᠯᠤᠬᠰᠠᠨ ᠪᠠᠶᠢᠳᠠᠭ᠂ ᠡᠶᠢᠮᠦ ᠠᠴᠠ ᠬᠠᠮᠢᠶ᠎ᠠ ᠪᠥᠬᠦᠶ ᠴᠥᠷᠬᠡᠯᠡᠭᠡ ᠶᠢ ᠨᠡᠭᠡᠭᠡᠬᠦ ᠳᠤ ᠬᠦᠷᠪᠡᠯ ᠸᠢᠴᠠᠲ ᠤᠨ ᠨᠣᠮᠧᠷ ᠴᠢᠨᠢ ᠬᠤᠯᠠᠭᠠᠶᠢᠯᠠᠬᠳᠠᠬᠤ᠂ ᠬᠤᠪᠢ ᠬᠥᠮᠦᠨ ᠤ ᠮᠡᠳᠡᠭᠡ ᠵᠠᠩᠭᠢ  ᠴᠢᠨᠢ ᠬᠤᠯᠠᠭᠠᠶᠢᠯᠠᠬᠳᠠᠬᠤ᠂ ᠵᠣᠭᠤᠰ ᠮᠥᠩᠭᠦ ᠶᠢ ᠴᠢᠨᠢ ᠬᠤᠯᠠᠭᠠᠶᠢᠯᠠᠬᠳᠠᠬᠤ ᠳᠠᠯᠳᠠ ᠲᠦᠭᠰᠢᠭᠦᠷᠢ ᠤᠷᠤᠰᠢᠵᠦ ᠪᠠᠶᠢᠳᠠᠭ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ