ᠨᠢᠭᠡ ᠵᠢᠯ ᠤᠨ ᠲᠤᠷᠰᠢ᠂ ᠪᠢᠳᠡ ᠲᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠡᠨᠡ ᠬᠦ ᠡᠯ᠎ᠡ | ᠵᠦᠢᠯ ᠤᠨ ᠠᠵᠢᠯ ᠤᠨ ᠭᠤᠣᠯ ᠰᠢᠵᠢᠮ ᠢ ᠪᠠᠲᠤ ᠴᠢᠩᠭ᠎ᠠ ᠡᠵᠡᠮᠰᠢᠨ᠂ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠡᠨᠡ ᠬᠦ ᠲᠡᠷᠢᠭᠦᠨ ᠴᠢᠬᠤᠯᠠ ᠡᠭᠦᠷᠭᠡ ᠶᠢᠨ | ᠲᠣᠭᠤᠷᠢᠨ ᠳᠤ ᠨᠢᠭᠲᠠ ᠤᠶᠠᠯᠳᠤᠵᠤ᠂ ᠳᠣᠣᠷᠠᠬᠢ ᠠᠵᠢᠯ ᠢ ᠭᠤᠣᠯᠳᠠᠯᠭ᠎ᠠ ᠪᠣᠯᠭᠠᠨ ᠬᠢᠪᠡ᠃ | ᠨᠢᠭᠡ ᠳᠤ ᠠᠵᠤ ᠠᠬᠤᠢ ᠶᠢᠨ ᠲᠦᠷᠭᠡᠨ ᠮᠥᠷᠲᠡᠭᠡᠨ ᠰᠠᠶᠢᠨ ᠬᠥᠭᠵᠢᠯᠲᠡ ᠶᠢ ᠪᠦᠬᠦ ᠬᠦᠴᠦᠨ ᠢᠶᠠᠷ ᠢᠶᠠᠨ ᠠᠬᠢᠭᠤᠯᠪᠠ᠃ ᠪᠡᠯᠡ ᠤᠷᠤᠭᠤᠯᠤᠯᠲᠠ ᠶᠢ | ᠥᠷᠭᠡᠳᠬᠡᠬᠦ᠂ ᠬᠡᠷᠡᠭᠯᠡᠭᠡ ᠶᠢ ᠤᠷᠮᠠᠰᠢᠭᠤᠯᠬᠤ ᠲᠥᠷᠥ ᠶᠢᠨ ᠪᠣᠳᠣᠯᠭ᠎ᠠ ᠶᠢᠨ ︽ᠬᠠᠮ ᠠᠷᠭ᠎ᠠ ᠪᠣᠳᠣᠯᠭ᠎ᠠ︾ ᠶᠢ ᠲᠠᠰᠤᠷᠠᠯᠳᠠ ᠦᠭᠡᠢ ᠨᠡᠶᠢᠲᠡᠯᠡᠵᠦ᠂ ᠠᠵᠢᠯᠯᠠᠭᠠᠨ ᠤ | ᠲᠣᠬᠢᠷᠠᠭᠤᠯᠤᠯᠲᠠ ᠪᠠᠨ ᠰᠠᠷ᠎ᠠ ᠤᠯᠠᠷᠢᠯ ᠢᠶᠠᠷ ᠴᠢᠩᠭᠠᠳᠬᠠᠨ᠂ ᠥᠨᠳᠥᠷ ᠰᠠᠭᠤᠷᠢ ᠲᠣᠭᠠᠨ ᠳᠡᠭᠡᠷᠡᠬᠢ ᠠᠵᠤ ᠠᠬᠤᠢ ᠶᠢᠨ ᠲᠦᠷᠭᠡᠨ ᠨᠡᠮᠡᠭᠳᠡᠯ ᠢ ᠠᠬᠢᠭᠤᠯᠪᠠ᠃ | ᠬᠤᠳᠠᠯᠳᠤᠭᠠᠴᠢᠨ ᠤᠷᠢᠵᠤ ᠪᠡᠯᠡ ᠣᠷᠣᠭᠤᠯᠤᠭᠰᠠᠨ ᠦᠷ᠎ᠡ ᠪᠦᠲᠦᠮᠵᠢ ᠢᠯᠡᠳᠲᠡ ᠪᠠᠶᠢᠵᠤ᠂ ᠣᠨ ᠤ ᠡᠬᠢᠯᠡᠯᠲᠡ ᠶᠢᠨ ᠠᠩᠬᠠᠨ ᠤ ᠬᠤᠷᠠᠯ ᠤᠨ ᠪᠠᠶᠢᠷᠢᠯᠠᠭᠤᠯᠤᠯᠲᠠ | ᠱᠠᠭᠠᠷᠳᠠᠯᠭ᠎ᠠ ᠶᠢ ᠨᠠᠶᠢᠳᠠᠪᠤᠷᠢᠵᠢᠭᠤᠯᠤᠨ᠂ ᠪᠡᠭᠡᠵᠢᠩ ᠲᠢᠶᠠᠨᠵᠢᠨ ᠾᠧᠪᠧᠢ᠂ ᠬᠥᠬᠡᠮᠥ᠋ᠷᠡᠨ ᠤ ᠭᠤᠷᠪᠠᠯᠵᠢᠨ ᠬᠤᠶᠢᠭ᠂ ᠭᠤᠸᠠᠩᠳᠦ᠋ᠩ ᠰᠢᠶᠠᠩᠭᠠᠩ ᠣᠣᠮᠧᠨ ᠤ ᠵᠡᠷᠭᠡ | ᠲᠤᠰᠬᠠᠢ ᠲᠠᠯᠠᠪᠤᠷ ᠤᠨ ᠬᠤᠳᠠᠯᠳᠤᠭᠠᠴᠢᠨ ᠤᠷᠢᠬᠤ ᠠᠵᠢᠯᠯᠠᠭ᠎ᠠ ᠶᠢ ᠡᠷᠬᠢᠯᠡᠵᠦ᠂ ᠪᠦᠭᠦ ᠣᠷᠣᠨ ᠳᠤ 4778 ᠳ᠋ᠦᠩᠰᠢᠭᠤᠷ ᠲᠥᠭᠦᠷᠢᠭ ᠤᠨ ᠪᠡᠯᠡ ᠮᠥᠩᠭᠦ ᠶᠢ | ᠣᠷᠣᠭᠤᠯᠤᠨ ᠠᠪᠴᠢᠷᠠᠵᠤ᠂ 40.2% ᠨᠡᠮᠡᠭᠳᠡᠨ᠂ ᠳᠡᠯᠡᠬᠡᠢ ᠶᠢᠨ 500 ᠬᠦᠴᠦᠷᠬᠡᠭ ᠪᠣᠯᠤᠭᠰᠠᠨ 45 ᠠᠵᠤ ᠠᠬᠤᠶᠢᠯᠠᠯ ᠪᠠ ᠲᠤᠮᠳᠠᠳᠤ ᠤᠯᠤᠰ ᠤᠨ 500 | ᠬᠦᠴᠦᠷᠬᠡᠭ ᠪᠣᠯᠤᠭᠰᠠᠨ 22 ᠠᠵᠤ ᠠᠬᠤᠶᠢᠯᠠᠯ ᠮᠠᠨ ᠤ ᠣᠷᠣᠨ ᠳᠤ ᠪᠡᠯᠡ ᠣᠷᠣᠭᠤᠯᠵᠤ ᠦᠢᠯᠡᠰ ᠡᠷᠬᠢᠯᠡᠪᠡ᠃ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ | ᠰᠦᠷ ᠳᠠᠯᠠᠶᠢᠴᠠᠲᠠᠢ ᠥᠷᠨᠢᠵᠦ᠂ ᠴᠢᠬᠤᠯᠠ ᠶᠡᠭᠡ ᠲᠦᠷᠦᠯ ᠵᠦᠢᠯ ᠢ 3155 ᠬᠡᠷᠡᠭᠵᠢᠭᠦᠯᠵᠦ᠂ 8259 ᠳ᠋ᠦᠩᠰᠢᠭᠤᠷ ᠲᠥᠭᠦᠷᠢᠭ ᠤᠨ ᠪᠡᠯᠡ ᠤᠷᠤᠭᠤᠯᠤᠯᠲᠠ ᠶᠢ | ᠪᠡᠶᠡᠯᠡᠭᠦᠯᠦᠨ᠂ ᠵᠠᠭᠤᠨ ᠳ᠋ᠦᠩᠰᠢᠭᠤᠷ ᠲᠥᠭᠦᠷᠢᠭ ᠢ ᠳᠠᠪᠠᠭᠰᠠᠨ ᠪᠡᠯᠡ ᠤᠷᠤᠭᠤᠯᠤᠯᠲᠡ ᠲᠠᠢ ᠠᠵᠤ ᠦᠢᠯᠡᠰ ᠤᠨ ᠲᠦᠷᠦᠯ ᠵᠦᠢᠯ ᠢ 42 ᠰᠢᠨ᠎ᠡ ᠪᠠᠷ | ᠪᠠᠶᠢᠭᠤᠯᠤᠭᠰᠠᠨ ᠪᠤᠶᠤ ᠵᠠᠯᠭᠠᠵᠤ ᠪᠠᠶᠢᠭᠤᠯᠪᠠ᠃ ᠰᠠᠭᠤᠷᠢ ᠪᠡᠯᠡᠳᠬᠡᠮᠵᠢ ᠲᠠᠰᠤᠷᠠᠯᠳᠠ ᠦᠭᠡᠢ ᠲᠡᠭᠦᠯᠳᠡᠷᠵᠢᠪᠡ᠂ ᠲᠦᠷᠭᠡᠨ ᠤ ᠵᠠᠰᠠᠮᠠᠯ ᠵᠠᠮ ᠢ 876 ᠺᠢᠯᠣᠮᠧᠳ᠋ᠷ | ᠰᠢᠨ᠎ᠡ ᠪᠠᠷ ᠲᠡᠷᠭᠡ ᠨᠠᠪᠲᠠᠷᠡᠭᠦᠯᠵᠦ᠂ ᠥᠪᠥᠷ ᠮᠣᠩᠭᠤᠯ ᠤᠨ ᠬᠢᠯᠢ ᠳᠣᠲᠣᠷᠠᠬᠢ ᠤᠯᠤᠰ ᠤᠨ ᠲᠦᠷᠭᠡᠨ ᠤ ᠵᠠᠰᠠᠮᠠᠯ ᠵᠠᠮ ᠤᠨ ᠭᠤᠣᠯ ᠱᠤᠭᠤᠮ ᠤᠨ ᠬᠡᠰᠡᠭ ᠢ | ᠪᠦᠭᠦᠨ ᠢ ᠨᠡᠪᠲᠡᠷᠡᠭᠦᠯᠦᠨ᠂ ᠵᠡᠭᠦᠨ ᠪᠠᠷᠠᠭᠤᠨ ᠲᠦᠷᠭᠡᠨ ᠤ ᠵᠠᠰᠠᠮᠠᠯ ᠵᠠᠮ ᠤᠨ ᠶᠡᠭᠡ ᠨᠡᠪᠳᠡᠷᠡᠯ ᠵᠠᠮ ᠢ ᠵᠠᠯᠭᠠᠵᠤ 108 ᠺᠢᠯᠣᠮᠧᠳ᠋ᠷ ᠵᠠᠰᠠᠭᠰᠠᠭᠠᠷ ᠪᠦᠭᠦ ᠱᠤᠭᠤᠮ ᠢᠶᠠᠷ | ᠨᠡᠪᠳᠡᠷᠡᠵᠦ᠂ ᠠᠵᠤ ᠦᠢᠯᠡᠰ ᠤᠨ ᠵᠠᠮ᠂ ᠵᠢᠭᠤᠯᠴᠢᠯᠠᠯ ᠤᠨ ᠵᠠᠮ ᠢ 1085 ᠺᠢᠯᠣᠮᠧᠳ᠋ᠷ ᠡᠬᠢᠯᠡᠭᠦᠯᠦᠨ ᠪᠠᠶᠢᠭᠤᠯᠵᠤ᠂ ︽ᠮᠤᠬᠤᠷ ᠵᠠᠮ︾ ᠢ 260 ᠺᠢᠯᠣᠮᠧᠳ᠋ᠷ | ᠨᠡᠪᠲᠡᠷᠡᠭᠦᠯᠪᠡ︔ ᠪᠠᠶᠢᠭᠤᠯᠵᠤ ᠪᠠᠶᠢᠭ᠎ᠠ ᠲᠦᠷᠭᠡᠨ ᠤ ᠪᠠ ᠬᠤᠷᠳᠤᠨ ᠤ ᠲᠡᠮᠦᠷ ᠵᠠᠮ 1700 ᠭᠠᠷᠤᠢ ᠺᠢᠯᠣᠮᠧᠳ᠋ᠷ ᠲᠤ ᠬᠦᠷᠪᠡ︔ ︽ᠰᠠᠯᠪᠤᠷᠢ ᠱᠤᠭᠤᠮ ᠤᠨ | ᠨᠡᠪᠳᠡᠷᠡᠯ︾ ᠠᠭᠠᠷ ᠤᠨ ᠠᠶᠠᠯᠠᠯ ᠤᠨ ᠱᠤᠭᠤᠮ ᠢ 29 ᠵᠤᠷᠪᠤᠰ ᠰᠢᠨ᠎ᠡ ᠪᠠᠷ ᠨᠡᠪᠲᠡᠷᠡᠭᠦᠯᠦᠨ᠂ ᠨᠡᠶᠢᠲᠡ 50 ᠵᠤᠷᠪᠤᠰ ᠱᠤᠭᠤᠮ ᠢ ᠨᠡᠪᠲᠡᠷᠡᠭᠦᠯᠦᠨ ᠠᠵᠢᠯᠯᠠᠭᠤᠯᠵᠤ᠂ | ᠠᠶᠢᠮᠠᠭ ᠬᠤᠲᠠ ᠶᠢᠨ ᠬᠤᠭᠤᠷᠤᠨᠳᠤᠬᠢ ︽ᠡᠭᠡᠯᠲᠡ ᠪᠤᠴᠠᠯᠲᠠ︾ ᠶᠢᠨ ᠠᠰᠠᠭᠤᠳᠠᠯ ᠢ ᠦᠨᠳᠦᠰᠦᠨ ᠳᠤ ᠪᠠᠨ ᠰᠢᠢᠳᠪᠦᠷᠢᠯᠡᠪᠡ︔ ᠴᠤᠤᠯ ᠭᠤᠣᠯ ᠤᠨ ᠤᠰᠤ ᠶᠢ | ᠲᠠᠲᠠᠵᠤ ᠯᠢᠶᠤᠤ ᠾᠧ ᠭᠤᠣᠯ ᠳᠤ ᠨᠡᠮᠡᠷᠢᠯᠡᠬᠦ ᠤᠰᠤ ᠳᠠᠮᠵᠢᠭᠤᠯᠬᠤ ᠪᠠᠷᠢᠯᠭ᠎ᠠ ᠶᠢᠨ ᠨᠦᠬᠡᠨ ᠵᠠᠮ ᠤᠨ ᠬᠡᠰᠡᠭ ᠪᠦᠭᠦ ᠱᠤᠭᠤᠮ ᠢᠶᠠᠷ ᠨᠡᠪᠳᠡᠷᠡᠵᠦ᠂ ᠥᠨᠳᠡᠭᠡᠨ | ᠤᠰᠤᠨ ᠠᠰᠢᠭᠯᠠᠯᠲᠠ ᠶᠢᠨ ᠬᠦᠢᠰᠦ ᠪᠠᠷᠢᠯᠭ᠎ᠠ ᠶᠢᠨ ᠳᠣᠣᠷᠠᠳᠤ ᠤᠷᠤᠰᠬᠠᠯ ᠤᠨ ᠤᠰᠤᠯᠠᠯᠲᠠ ᠶᠢᠨ ᠣᠷᠣᠨ ᠳᠤ ᠤᠰᠤ ᠬᠠᠳᠠᠭᠠᠯᠠᠬᠤ᠂ ᠵᠡᠭᠦᠨ ᠲᠠᠶᠢᠰᠠ ᠤᠰᠤᠨ | ᠴᠦᠬᠦᠷᠦᠮ ᠤᠨ ᠭᠤᠣᠯ ᠴᠣᠭᠴᠠ ᠶᠢᠨ ᠪᠠᠷᠢᠯᠭ᠎ᠠ ᠶᠢᠨ ᠠᠵᠢᠯ ᠳᠠᠭᠤᠰᠪᠠ︔ 5G ᠰᠠᠭᠤᠷᠢ ᠦᠷᠲᠡᠭᠡ᠂ ᠬᠤᠲᠠ ᠶᠢᠨ ᠤᠯᠠᠨ ᠨᠡᠶᠢᠳᠡ ᠶᠢᠨ ᠴᠠᠬᠢᠯᠭᠠᠨ ᠴᠡᠨᠡᠭᠯᠡᠬᠦ | ᠱᠣᠩ ᠢ ᠲᠣᠰ ᠪᠦᠷᠢ 2 ᠲᠦᠮᠡ ᠰᠢᠨ᠎ᠡ ᠪᠠᠷ ᠨᠡᠮᠡᠭᠳᠡᠭᠦᠯᠪᠡ᠃ ᠬᠡᠷᠡᠭᠯᠡᠭᠡ ᠶᠢᠨ ᠵᠠᠬ᠎ᠠ ᠳᠡᠯᠭᠡᠭᠦᠷ ᠢ ᠲᠦᠷᠭᠡᠬᠡᠨ ᠰᠡᠷᠭᠦᠭᠡᠵᠦ᠂ ᠬᠤᠨᠤᠭ ᠪᠠᠭᠤᠳᠠᠯ ᠪᠠ ᠢᠳᠡᠭᠡᠨ | ᠤᠮᠳᠠᠭᠠᠨ ᠤ ᠦᠢᠯᠡᠰ ᠤᠨ ᠨᠡᠮᠡᠭᠳᠡᠯ ᠦᠷᠲᠡᠭ 20.8% ᠨᠡᠮᠡᠭᠳᠡᠵᠦ᠂ ᠮᠠᠰᠢᠨ ᠲᠡᠷᠭᠡᠨ ᠤ ᠲᠦᠷᠦᠯ ᠤᠨ ᠬᠡᠷᠡᠭᠯᠡᠭᠡ 17.2% ᠨᠡᠮᠡᠭᠳᠡᠨ᠂ ᠰᠢᠨ᠎ᠡ ᠡᠨᠧᠷᠭᠢ ᠶᠢᠨ | ᠮᠠᠰᠢᠨ ᠲᠡᠷᠭᠡᠨ ᠤ ᠬᠡᠷᠡᠭᠯᠡᠭᠡ 1.7 ᠲᠠᠬᠢᠨ ᠨᠡᠮᠡᠭᠳᠡᠵᠦ᠂ ᠠᠮᠤ ᠪᠤᠳᠠᠭ᠎ᠠ ᠢᠳᠡᠰᠢᠨ ᠲᠣᠰᠣ ᠢᠳᠡᠭᠡᠨ ᠤᠮᠳᠠᠭᠠᠨ᠂ ᠬᠤᠪᠴᠠᠰᠤ ᠬᠤᠨᠠᠷ ᠵᠡᠷᠭᠡ ᠲᠠᠯ᠎ᠠ ᠶᠢᠨ ᠬᠡᠷᠡᠭᠯᠡᠭᠡ | ᠴᠥᠮ 25% ᠠᠴᠠ ᠳᠡᠭᠡᠭᠰᠢ ᠨᠡᠮᠡᠭᠳᠡᠪᠡ᠂ ᠰᠦᠯᠵᠢᠶ᠎ᠡ ᠪᠠᠷ ᠵᠢᠵᠢᠭᠯᠡᠨ ᠪᠣᠷᠣᠯᠠᠭᠤᠯᠬᠤ ᠲᠤᠭ᠎ᠠ 21.5% ᠨᠡᠮᠡᠭᠳᠡᠵᠦ᠂ ᠲᠦᠷᠦᠭᠦᠴᠢ ᠳᠡᠯᠭᠡᠭᠦᠷ ᠪᠠ ᠬᠤᠰᠢᠭᠤᠴᠢ | ᠳᠡᠯᠭᠡᠭᠦᠷ ᠢ 147 ᠣᠷᠣᠭᠤᠯᠤᠨ ᠠᠪᠴᠢᠷᠠᠪᠠ᠃ | ᠬᠤᠶᠠᠷ ᠲᠤ ᠬᠡᠯᠬᠢᠶᠡᠰᠦᠯᠡᠯ ᠮᠠᠶ᠋ᠢᠭ ᠤᠨ ᠰᠡᠳᠬᠢᠬᠦᠢ ᠶᠢ ᠪᠠᠷᠢᠮᠲᠠᠯᠠᠵᠤ ᠳᠠᠪᠠᠭᠤᠯᠢᠭ ᠣᠨᠴᠠᠯᠢᠭᠲᠤ ᠠᠵᠤ ᠦᠢᠯᠡᠰ ᠢᠶᠠᠨ ᠬᠦᠴᠦᠷᠬᠡᠭᠵᠢᠭᠦᠯᠪᠡ᠃ ᠠᠵᠤ | ᠦᠢᠯᠡᠰ ᠤᠨ ᠬᠡᠯᠬᠢᠶᠡᠨ ᠤ ︽ᠬᠡᠯᠬᠢᠶᠡᠨ ᠳᠠᠷᠤᠭ᠎ᠠ ᠶᠢᠨ ᠳᠦᠷᠢᠮ︾ ᠢ ᠬᠡᠷᠡᠭᠵᠢᠭᠦᠯᠵᠦ᠂ ᠬᠡᠯᠬᠢᠶ᠎ᠡ ᠶᠢ ᠤᠷᠲᠤᠳᠬᠠᠬᠤ ᠨᠥᠬᠦᠪᠦᠷᠢᠯᠡᠬᠦ ᠴᠢᠩᠳᠠᠯᠠᠬᠤ ᠲᠦᠷᠦᠯ ᠵᠦᠢᠯ ᠢ | 650 ᠠᠬᠢᠭᠤᠯᠤᠨ᠂ 16 ᠵᠤᠷᠪᠤᠰ ᠭᠤᠣᠯᠳᠠᠯᠭ᠎ᠠ ᠲᠠᠢ ᠠᠵᠤ ᠦᠢᠯᠡᠰ ᠤᠨ ᠬᠡᠯᠬᠢᠶᠡᠨ ᠤ ᠦᠢᠯᠡᠳᠬᠦᠨ ᠤ ᠦᠷᠲᠡᠭ 1.4 ᠲᠦᠮᠡᠨ ᠳ᠋ᠦᠩᠰᠢᠭᠤᠷ ᠲᠥᠭᠦᠷᠢᠭ | ᠰᠢᠬᠠᠮ ᠪᠣᠯᠪᠠ᠃ ᠰᠢᠨ᠎ᠡ ᠡᠨᠧᠷᠭᠢ ᠶᠢᠨ ᠪᠦᠬᠦ ᠠᠵᠤ ᠦᠢᠯᠡᠰ ᠤᠨ ᠬᠡᠯᠬᠢᠶᠡᠨ ᠤ ᠨᠡᠮᠡᠭᠳᠡᠯ ᠦᠷᠲᠡᠭ 16.1% ᠨᠡᠮᠡᠭᠳᠡᠨ᠂ ᠪᠦᠭᠦ ᠤᠯᠤᠰ ᠤᠨ ᠲᠠᠩ ᠴᠣᠭᠴᠠᠲᠤ | ᠬᠡᠪᠴᠢᠶ᠎ᠡ ᠪᠠᠷ ᠬᠠᠮᠤᠭ ᠤᠨ ᠲᠣᠮᠣ ᠭᠡᠷᠡᠯᠴᠢ ᠴᠡᠨᠡᠭ ᠢᠶᠠᠷ ᠡᠯᠡᠰᠦᠷᠬᠡᠭᠵᠢᠯ ᠢ ᠵᠠᠰᠠᠬᠤ ᠲᠦᠷᠦᠯ ᠵᠦᠢᠯ᠂ ᠤᠯᠤᠰ ᠤᠨ ᠳᠣᠲᠣᠭᠠᠳᠤ ᠳᠠᠬᠢ ᠠᠵᠢᠯᠯᠠᠭᠤᠯᠵᠤ ᠪᠠᠶᠢᠭ᠎ᠠ | ᠡᠬᠡ ᠬᠠᠭᠤᠷᠠᠢ ᠶᠢᠨ ᠰᠠᠯᠬᠢᠨ ᠬᠦᠴᠦ ᠪᠠᠷ ᠴᠠᠬᠢᠯᠭᠠᠨ ᠭᠠᠷᠭᠠᠬᠤ ᠬᠠᠮᠤᠭ ᠤᠨ ᠲᠣᠮᠣ ᠰᠠᠭᠤᠷᠢᠨ ᠭᠠᠵᠠᠷ᠂ ᠳᠡᠯᠡᠬᠡᠢ ᠶᠢᠨ ᠠᠩᠬᠠᠳᠠᠭᠴᠢ ᠬᠠᠲᠠᠭᠤ ᠲᠥᠯᠥᠪᠲᠦ | ᠳᠣᠣᠷ᠎ᠠ ᠳᠠᠷᠤᠯᠲᠠᠲᠤ ᠣᠰᠣᠳᠦ᠋ᠷᠦᠭᠴᠢ ᠨᠥᠭᠡᠴᠡᠯᠡᠬᠦ ᠦᠢᠯᠡᠳᠪᠦᠷᠢᠯᠡᠯ ᠤᠨ ᠱᠤᠭᠤᠮ ᠢ ᠪᠠᠶᠢᠭᠤᠯᠪᠠ︔ ᠰᠠᠯᠬᠢ ᠭᠡᠷᠡᠯ ᠣᠰᠤᠳᠦ᠋ᠷᠦᠭᠴᠢ ᠨᠥᠭᠡᠴᠡ ᠶᠢᠨ ᠲᠣᠨᠤᠭ | ᠲᠥᠬᠦᠭᠡᠷᠦᠮᠵᠢ ᠦᠢᠯᠡᠳᠬᠦ ᠦᠢᠯᠡᠰ ᠤᠨ ᠦᠢᠯᠡᠳᠬᠦᠨ ᠤ ᠦᠷᠲᠡᠭ 2762 ᠳ᠋ᠦᠩᠰᠢᠭᠤᠷ ᠲᠥᠭᠦᠷᠢᠭ ᠲᠤ ᠬᠦᠷᠴᠦ᠂ ᠭᠦᠬᠡᠬᠤᠲᠠ ᠪᠤᠭᠤᠲᠤ ᠣᠷᠳᠣᠰ | ᠲᠦᠩᠯᠢᠶᠣᠣ ᠶᠢᠨ 4 ᠰᠠᠭᠤᠷᠢᠨ ᠭᠠᠵᠠᠷ ᠤᠨ ᠡᠵᠡᠯᠡᠬᠦ ᠬᠠᠷᠢᠴᠠᠯ 80% ᠳᠤ ᠬᠦᠷᠪᠡ᠃ ᠣᠳᠣ ᠦᠶ᠎ᠡ ᠶᠢᠨ ᠨᠡᠭᠦᠷᠡᠰᠦ ᠬᠢᠮᠢ ᠶᠢᠨ ᠠᠵᠤ ᠦᠢᠯᠡᠳᠪᠦᠷᠢ ᠶᠢᠨ ᠠᠵᠤ | ᠦᠢᠯᠡᠰ ᠤᠨ ᠨᠡᠮᠡᠭᠳᠡᠯ ᠦᠷᠲᠡᠭ 15.4% ᠨᠡᠮᠡᠭᠳᠡᠵᠦ᠂ ᠨᠡᠭᠦᠷᠡᠰᠦᠨ ᠤ ᠨᠠᠷᠢᠯᠢᠭ ᠭᠦᠨ ᠪᠤᠯᠪᠠᠰᠤᠷᠠᠭᠤᠯᠬᠤ ᠲᠦᠷᠦᠯ ᠵᠦᠢᠯ ᠢ 34 ᠬᠡᠷᠡᠭᠵᠢᠭᠦᠯᠦᠨ᠂ 11 ᠶᠢ ᠨᠢ | ᠠᠰᠢᠭᠯᠠᠯᠲᠠ ᠳᠤ ᠣᠷᠣᠭᠤᠯᠵᠤ᠂ ᠪᠦᠭᠦ ᠪᠥᠮᠪᠥᠷᠴᠡᠭ ᠤᠨ ᠬᠠᠮᠤᠭ ᠤᠨ ᠲᠣᠮᠣ ᠪᠣᠬᠢᠷᠳᠤᠯ ᠦᠭᠡᠢ ᠤᠰᠤᠳᠥ᠋ᠷᠦᠭᠴᠢ ᠪᠠ ᠨᠡᠭᠦᠷᠡᠰᠦ ᠪᠠᠷ ᠠᠯᠺᠸᠠ ᠨᠡᠭᠦᠷᠥᠭᠴᠢ | ᠦᠢᠯᠡᠳᠬᠦ ᠶᠢ ᠡᠪᠴᠡᠯᠳᠦᠭᠦᠯᠬᠦ ᠲᠦᠷᠦᠯ ᠵᠦᠢᠯ ᠢ ᠠᠵᠢᠯ ᠡᠬᠢᠯᠡᠭᠦᠯᠦᠨ ᠪᠦᠲᠦᠭᠡᠨ ᠪᠠᠶᠢᠭᠤᠯᠵᠤ᠂ ᠨᠡᠭᠦᠷᠡᠰᠦ ᠪᠠᠷ ᠡᠲ᠋ᠠ ᠬᠤᠶᠠᠷᠴᠢ ᠠᠯᠺᠤᠤᠯ ᠦᠢᠯᠡᠳᠬᠦ᠂ | ᠨᠡᠭᠦᠷᠡᠰᠦ ᠪᠠᠷ ᠠᠯᠺᠸᠠ ᠨᠡᠭᠦᠷᠥᠭᠴᠢ ᠦᠢᠯᠡᠳᠬᠦ ᠶᠢᠨ ᠦᠢᠯᠡᠳᠪᠦᠷᠢᠯᠡᠬᠦ ᠴᠢᠳᠠᠮᠵᠢ ᠴᠥᠮ ᠪᠦᠭᠦ ᠤᠯᠤᠰ ᠤᠨ ᠬᠤᠶᠠᠳᠤᠭᠠᠷ ᠲᠤ ᠪᠠᠶᠢᠷᠢᠰᠢᠪᠠ᠃ ᠬᠤᠪᠣᠷ | ᠰᠢᠷᠣᠢ ᠶᠢᠨ ᠠᠵᠤ ᠦᠢᠯᠡᠰ ᠤᠨ ᠨᠡᠮᠡᠭᠳᠡᠯ ᠦᠷᠲᠡᠭ 21% ᠨᠡᠮᠡᠭᠳᠡᠵᠦ᠂ ᠳᠤᠮᠳᠠ ᠶᠢᠨ ᠪᠠ ᠬᠦᠨᠳᠦ ᠬᠤᠪᠣᠷ ᠰᠢᠷᠦ᠋ᠢᠲᠤ ᠲᠡᠮᠦᠷᠯᠢᠭ ᠤᠨ ᠦᠢᠯᠡᠳᠬᠦᠨ ᠢ | ᠬᠡᠪᠴᠢᠶᠡᠵᠢᠭᠦᠯᠦᠨ ᠦᠢᠯᠡᠳᠪᠦᠷᠢᠯᠡᠬᠦ ᠶᠢ ᠪᠡᠶᠡᠯᠡᠭᠦᠯᠵᠦ᠂ 10 ᠲᠦᠮᠡᠨ ᠲᠤᠨ ᠤ ᠲᠡᠰ ᠤᠨ ᠪᠦᠭᠦ ᠪᠥᠮᠪᠥᠷᠴᠡᠭ ᠤᠨ ᠬᠠᠮᠤᠭ ᠤᠨ ᠲᠣᠮᠣ ᠬᠤᠪᠣᠷ ᠰᠢᠷᠣᠢ ᠶᠢᠨ | ᠪᠣᠬᠢᠷᠳᠤᠯ ᠦᠭᠡᠢ ᠬᠠᠶᠢᠯᠤᠭᠤᠯᠬᠤ ᠲᠦᠷᠦᠯ ᠵᠦᠢᠯ ᠢ ᠡᠬᠢᠯᠡᠭᠦᠯᠦᠨ᠂ ᠬᠤᠪᠣᠷ ᠰᠢᠷᠣᠢ᠂ ᠨᠢᠦᠪᠢ᠂ ᠯᠢᠲ᠋ᠢ ᠵᠡᠷᠭᠡ ᠪᠠᠶᠢᠯᠳᠤᠬᠤ ᠪᠣᠳᠣᠯᠭ᠎ᠠ ᠶᠢᠨ ᠡᠬᠢ ᠪᠠᠶᠠᠯᠢᠭ ᠤᠨ | ᠬᠠᠶᠢᠨ ᠰᠢᠨᠵᠢᠯᠲᠡ ᠰᠢᠨ᠎ᠡ ᠰᠢᠪᠲᠤᠯᠤᠯᠲᠠ ᠲᠠᠢ ᠪᠣᠯᠬᠤ ᠶᠢ ᠪᠡᠶᠡᠯᠡᠭᠦᠯᠪᠡ᠃ ᠮᠠᠯ ᠤᠨ ᠠᠰᠢᠭ ᠰᠢᠮ᠎ᠡ ᠲᠠᠷᠢᠶᠠᠯᠠᠩ ᠤᠨ ᠪᠦᠲᠦᠭᠡᠭᠳᠡᠬᠦᠨ ᠤ ᠡᠳ᠋ᠰᠢᠭᠦᠯᠦᠨ | ᠪᠣᠯᠪᠠᠰᠤᠷᠠᠭᠤᠯᠬᠤ ᠦᠢᠯᠡᠰ ᠤᠨ ᠨᠡᠮᠡᠭᠳᠡᠯ ᠦᠷᠲᠡᠭ 11.6% ᠨᠡᠮᠡᠭᠳᠡᠵᠦ᠂ ᠡᠳ᠋ᠰᠢᠭᠦᠯᠵᠦ ᠤᠯᠠᠷᠢᠭᠤᠯᠤᠭᠰᠠᠨ ᠨᠤᠷᠮ᠎ᠠ 72% ᠲᠤ ᠬᠦᠷᠴᠦ᠂ ᠰᠦ ᠰᠠᠭᠠᠯᠢ ᠶᠢᠨ | ᠦᠢᠯᠡᠰ᠂ ᠲᠥᠮᠥᠰᠥ ᠶᠢᠨ ᠤᠯᠤᠰ ᠤᠨ ᠲᠡᠰ ᠤᠨ ᠠᠵᠤ ᠦᠢᠯᠡᠰ ᠤᠨ ᠪᠦᠯᠦᠭᠵᠢᠯ ᠢ 2 ᠪᠠ ᠤᠯᠤᠰ ᠤᠨ ᠲᠡᠰ ᠤᠨ ᠣᠳᠣ ᠦᠶ᠎ᠡ ᠶᠢᠨ ᠠᠵᠤ ᠦᠢᠯᠡᠰ ᠤᠨ | ᠬᠦᠷᠢᠶᠡᠯᠡᠩ ᠢ 3᠂ ᠠᠵᠤ ᠦᠢᠯᠡᠰ ᠤᠨ ᠬᠦᠴᠦᠷᠬᠡᠭ ᠪᠠᠯᠭᠠᠰᠤ ᠶᠢ 8 ᠰᠢᠨ᠎ᠡ ᠪᠠᠷ ᠡᠭᠦᠳᠦᠨ ᠪᠠᠶᠢᠭᠤᠯᠵᠤ᠂ ᠡᠭᠦᠳᠦᠨ ᠪᠠᠶᠢᠭᠤᠯᠤᠭᠰᠠᠨ ᠲᠤᠭ᠎ᠠ ᠬᠡᠮᠵᠢᠶ᠎ᠡ ᠪᠦᠭᠦ | ᠤᠯᠤᠰ ᠲᠤ ᠲᠦᠷᠦᠭᠦᠯᠡᠨ᠂ ᠪᠦᠭᠦ ᠪᠥᠮᠪᠥᠷᠴᠡᠭ ᠤᠨ ᠬᠠᠮᠤᠭ ᠤᠨ ᠲᠣᠮᠣ ᠰᠦᠨ ᠬᠦᠴᠢᠯ ᠤᠨ ᠪᠠᠺᠲ᠋ᠧᠷᠢ ᠶᠢᠨ ᠦᠷ᠎ᠡ ᠡᠳ᠋ ᠤᠨ ᠬᠥᠮᠥᠷᠭᠡ᠂ ᠤᠯᠤᠰ ᠤᠨ ᠬᠤᠨᠢ | ᠢᠮᠠᠭᠠᠨ ᠤ ᠤᠳᠤᠮᠯᠠᠯ ᠤᠨ ᠦᠨᠡᠯᠡᠨ ᠵᠢᠱᠢᠯᠲᠡ ᠶᠢᠨ ᠲᠥᠪ ᠢ ᠪᠠᠶᠢᠭᠤᠯᠵᠤ᠂ ᠠᠯᠠᠰᠢᠨ ᠬᠤᠨᠢᠨ ᠤ ᠠᠵᠤ ᠦᠢᠯᠡᠰ ᠤᠨ ᠦᠢᠯᠡᠳᠬᠦᠨ ᠤ ᠦᠷᠲᠡᠭ ᠮᠢᠩᠭᠠᠨ | ᠳ᠋ᠦᠩᠰᠢᠭᠤᠷ ᠲᠡᠰ ᠲᠤ ᠬᠦᠷᠪᠡ᠃ | ᠭᠤᠷᠪᠠ ᠳᠤ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠰᠢᠨ᠎ᠡ ᠡᠭᠦᠳᠦᠯᠲᠡ ᠳᠤ ᠰᠢᠨ᠎ᠡ ᠰᠢᠪᠲᠤᠯᠤᠯᠲᠠ ᠭᠠᠷᠬᠤ ᠶᠢ ᠠᠬᠢᠭᠤᠯᠪᠠ᠃ ᠪᠦᠭᠦ ᠣᠷᠣᠨ ᠤ | ᠡᠳ᠋ ᠤᠨ ᠵᠠᠰᠠᠭ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠵᠠᠷᠤᠯᠭ᠎ᠠ 81.9% ᠨᠡᠮᠡᠭᠳᠡᠵᠦ᠂ ᠳᠡᠭᠡᠳᠦ ᠰᠢᠨ᠎ᠡ ᠮᠡᠷᠭᠡᠵᠢᠯ ᠤᠨ ᠠᠵᠤ ᠠᠬᠤᠶᠢᠯᠠᠯ 314᠂ | ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠡᠯᠪᠡᠷᠢ ᠪᠦᠬᠦᠢ ᠳᠤᠮᠳᠠ ᠵᠢᠵᠢᠭ ᠠᠵᠤ ᠠᠬᠤᠶᠢᠯᠠᠯ 950 ᠰᠢᠨ᠎ᠡ ᠪᠠᠷ ᠨᠡᠮᠡᠭᠳᠡᠪᠡ᠃ 6 ᠬᠥᠮᠥᠨ ︽ᠬᠥᠬᠡᠮᠥ᠋ᠷᠡᠨ | ᠨᠡᠷᠡᠮᠵᠢᠲᠦ ᠱᠠᠩᠨᠠᠯ ᠢ ᠣᠯᠣᠭᠰᠠᠨ ᠡᠷᠳᠡᠮᠲᠡᠨ︾᠂ ︽ᠤᠯᠤᠰ ᠤᠨ ᠭᠠᠷᠮᠠᠭᠠᠢ ᠵᠠᠯᠠᠭᠤᠴᠤᠳ︾ ᠲᠤ ᠰᠢᠨ᠎ᠡ ᠪᠠᠷ ᠰᠣᠩᠭᠤᠭᠳᠠᠪᠠ᠃ ᠤᠯᠤᠰ ᠤᠨ ᠰᠦ ᠰᠠᠭᠠᠯᠢ ᠶᠢᠨ | ᠦᠢᠯᠡᠰ ᠤᠨ ᠮᠡᠷᠭᠡᠵᠢᠯ ᠤᠨ ᠰᠢᠨ᠎ᠡ ᠡᠭᠦᠳᠦᠯᠲᠡ ᠶᠢᠨ ᠲᠥᠪ 10 ᠠᠺᠠᠳᠧᠮᠢᠴᠢ᠂ ᠵᠠᠭᠤ ᠭᠠᠷᠤᠢ ᠰᠢᠨᠵᠢᠯᠡᠬᠦ ᠤᠬᠠᠭᠠᠨᠲᠠᠨ ᠢ ᠴᠤᠭᠯᠠᠭᠤᠯᠵᠤ᠂ ᠪᠣᠳᠠᠲᠤ | ᠴᠣᠭᠴᠠᠵᠢᠭᠤᠯᠤᠨ ᠡᠵᠡᠩᠨᠡᠵᠦ ᠠᠵᠢᠯᠯᠠᠭᠤᠯᠬᠤ ᠶᠢ ᠪᠡᠶᠡᠯᠡᠭᠦᠯᠪᠡ᠂ ᠰᠦ ᠰᠠᠭᠠᠯᠢ ᠶᠢᠨ ᠦᠢᠯᠡᠰ᠂ ᠡᠪᠡᠰᠦᠨ ᠤ ᠦᠢᠯᠡᠰ᠂ ᠬᠤᠪᠣᠷ ᠰᠢᠷᠣᠢ ᠶᠢᠨ ᠰᠢᠨ᠎ᠡ | ᠮᠠᠲ᠋ᠧᠷᠢᠶᠠᠯ ᠤᠨ ᠮᠡᠷᠭᠡᠵᠢᠯ ᠤᠨ ᠰᠢᠨ᠎ᠡ ᠡᠭᠦᠳᠦᠯᠲᠡ ᠶᠢᠨ ᠲᠥᠪ 24 ᠴᠢᠬᠤᠯᠠ ᠶᠡᠭᠡ ᠰᠤᠳᠤᠯᠭᠠᠨ ᠤ ᠦᠷ᠎ᠡ ᠪᠦᠲᠦᠭᠡᠯ ᠭᠠᠷᠭᠠᠵᠤ᠂ ᠲᠠᠯᠠᠨ ᠬᠠᠷ᠎ᠠ ᠠᠭᠤᠯᠠ ᠶᠢᠨ | ᠲᠤᠷᠰᠢᠯᠲᠠ ᠶᠢᠨ ᠲᠠᠰᠤᠭ᠂ ᠣᠷᠳᠣᠰ ᠤᠨ ᠲᠤᠷᠰᠢᠯᠲᠠ ᠶᠢᠨ ᠲᠠᠰᠤᠭ ᠪᠠ ᠪᠡᠭᠡᠵᠢᠩ ᠶᠡᠭᠡ ᠰᠤᠷᠭᠠᠭᠤᠯᠢ ᠶᠢᠨ ᠣᠷᠳᠣᠰ ᠲᠠᠬᠢ ᠡᠨᠧᠷᠭᠢ ᠶᠢᠨ ᠰᠤᠳᠤᠯᠭᠠᠨ ᠤ | ᠬᠦᠷᠢᠶᠡᠯᠡᠩ᠂ ᠵᠧᠵᠢᠶᠠᠩ ᠶᠡᠭᠡ ᠰᠤᠷᠭᠠᠭᠤᠯᠢ - ᠪᠤᠭᠤᠲᠤ ᠶᠢᠨ ᠴᠠᠬᠢᠭᠤᠷᠲᠤ ᠮᠠᠲ᠋ᠧᠷᠢᠶᠠᠯ ᠤᠨ ᠬᠤᠯᠪᠤᠭᠠᠯᠠᠨ ᠰᠤᠳᠤᠯᠬᠤ ᠲᠥᠪ᠂ ᠲᠤᠮᠳᠠᠳᠤ ᠤᠯᠤᠰ ᠤᠨ | ᠲᠠᠷᠢᠶᠠᠯᠠᠩ ᠤᠨ ᠶᠡᠭᠡ ᠰᠤᠷᠭᠠᠭᠤᠯᠢ ᠶᠢᠨ ᠪᠠᠶᠠᠨᠨᠠᠭᠤᠷ ᠲᠠᠬᠢ ᠰᠤᠳᠤᠯᠭᠠᠨ ᠤ ᠬᠦᠷᠢᠶᠡᠯᠡᠩ ᠵᠠᠯᠭᠠᠭ᠎ᠠ ᠪᠠᠷ ᠪᠠᠶᠢᠭᠤᠯᠤᠭᠳᠠᠵᠤ᠂ ᠥᠪᠥᠷ ᠮᠣᠩᠭᠤᠯ ᠤᠨ ᠠᠵᠤ | ᠦᠢᠯᠡᠳᠪᠦᠷᠢ ᠶᠢᠨ ᠶᠡᠭᠡ ᠰᠤᠷᠭᠠᠭᠤᠯᠢ ᠶᠢᠨ ᠣᠷᠳᠣᠰ ᠲᠠᠬᠢ ᠰᠢᠨ᠎ᠡ ᠡᠨᠧᠷᠭᠢ ᠶᠢᠨ ᠳᠡᠭᠡᠳᠦ ᠰᠤᠷᠭᠠᠭᠤᠯᠢ ᠫᠠᠶᠢᠰᠠ ᠡᠯᠭᠦᠨ ᠪᠠᠶᠢᠭᠤᠯᠤᠭᠳᠠᠪᠠ᠃ ᠤᠯᠤᠰ ᠤᠨ | ᠭᠤᠣᠯᠳᠠᠯᠭ᠎ᠠ ᠲᠠᠢ ᠰᠤᠳᠤᠯᠤᠨ ᠨᠡᠭᠡᠭᠡᠬᠦ ᠲᠥᠯᠥᠪᠯᠡᠭᠡ ᠶᠢᠨ ᠲᠦᠷᠦᠯ ᠵᠦᠢᠯ ᠢ 9 ᠳᠠᠭᠠᠭᠠᠨ ᠡᠭᠦᠷᠭᠡᠯᠡᠵᠦ᠂ ᠥᠪᠡᠷᠲᠡᠭᠡᠨ ᠵᠠᠰᠠᠬᠤ ᠣᠷᠣᠨ ᠤ ᠴᠢᠬᠤᠯᠠ ᠶᠡᠭᠡ | ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠲᠤᠰᠬᠠᠢ ᠵᠦᠢᠯ ᠢ 38 ᠬᠡᠷᠡᠭᠵᠢᠭᠦᠯᠦᠨ᠂ ᠰᠢᠨ᠎ᠡ ᠡᠭᠦᠳᠦᠯᠲᠡ ᠶᠢᠨ ᠬᠤᠯᠪᠣᠭᠠᠲᠤ ᠴᠣᠭᠴᠠ ᠶᠢ 70 ᠪᠠᠶᠢᠭᠤᠯᠵᠤ᠂ | ᠠᠭᠤᠷᠬᠠᠢ ᠶᠢᠨ ᠣᠶᠤᠨᠴᠢ ᠮᠠᠰᠢᠨ ᠬᠥᠮᠥᠨ᠂ ᠬᠤᠪᠣᠷ ᠰᠢᠷᠣᠢ ᠶᠢᠨ ᠦᠢᠯᠡᠳᠬᠦᠨ ᠦᠢᠯᠡᠳᠴᠦ ᠪᠦᠲᠦᠭᠡᠬᠦ᠂ ᠡᠷᠴᠢᠯᠡᠭᠦᠷ ᠬᠦᠷᠳᠦ ᠪᠠᠷ ᠡᠨᠧᠷᠭᠢ ᠨᠥᠭᠡᠴᠡᠯᠡᠬᠦ | ᠵᠡᠷᠭᠡ ᠶᠢ ᠰᠤᠳᠤᠯᠤᠨ ᠨᠡᠭᠡᠭᠡᠵᠦ ᠬᠡᠷᠡᠭᠯᠡᠬᠦ ᠲᠠᠯ᠎ᠠ ᠪᠠᠷ ᠰᠢᠪᠲᠤᠯᠤᠯᠲᠠ ᠶᠢᠨ ᠴᠢᠨᠠᠷᠲᠠᠢ ᠦᠷ᠎ᠡ ᠪᠦᠲᠦᠭᠡᠯ ᠭᠠᠷᠭᠠᠵᠤ᠂ ᠮᠧᠩ ᠺᠧ ᠵᠢᠦᠢ ᠰᠢᠨᠵᠢᠯᠡᠬᠦ ᠤᠬᠠᠭᠠᠨ | ᠲᠧᠭᠨᠢᠭ ᠮᠡᠷᠭᠡᠵᠢᠯ ᠤᠨ ᠰᠢᠨ᠎ᠡ ᠡᠭᠦᠳᠦᠯᠲᠡ ᠶᠢᠨ ᠲᠠᠪᠴᠠᠩ ᠤᠨ ᠦᠢᠯᠡᠳᠦᠯ ᠲᠣᠳᠣᠷᠠᠵᠤ᠂ ᠪᠦᠭᠦ ᠣᠷᠣᠨ ᠤ ᠮᠡᠷᠭᠡᠵᠢᠯ ᠤᠨ ᠠᠷᠠᠯᠵᠢᠶᠠᠨ ᠤ ᠭᠡᠷ᠎ᠡ ᠶᠢᠨ ᠲᠤᠭ᠎ᠠ 45. | 3% ᠨᠡᠮᠡᠭᠳᠡᠵᠦ᠂ ᠠᠷᠠᠯᠵᠢᠶᠠᠯᠠᠭᠰᠠᠨ ᠲᠤᠭ᠎ᠠ 17.6% ᠨᠡᠮᠡᠭᠳᠡᠪᠡ᠃ | ᠳᠥᠷᠪᠡ ᠳᠤ ᠬᠦᠴᠢᠷ ᠠᠰᠠᠭᠤᠳᠠᠯ ᠢ ᠥᠭᠡᠷᠡᠴᠢᠯᠡᠯᠲᠡ ᠶᠢᠨ ᠠᠷᠭ᠎ᠠ ᠪᠠᠷ ᠠᠷᠢᠯᠭᠠᠨ ᠰᠢᠢᠳᠪᠦᠷᠢᠯᠡᠬᠦ ᠶᠢ ᠨᠡᠩ ᠶᠡᠭᠡ ᠴᠢᠬᠤᠯᠠᠴᠢᠯᠠᠨ ᠦᠵᠡᠪᠡ᠃ ᠡᠵᠡᠩᠨᠡᠨ | ᠬᠤᠳᠠᠯᠳᠤᠭᠠᠯᠠᠬᠤ ᠣᠷᠴᠢᠨ ᠨᠥᠬᠦᠴᠡᠯ ᠤᠨ ᠠᠰᠠᠭᠤᠳᠠᠯ ᠳᠤ ᠬᠠᠨᠳᠤᠭᠤᠯᠵᠤ᠂ ︽ᠨᠢᠭᠡ ᠰᠦᠯᠵᠢᠶ᠎ᠡ ᠪᠠᠷ ᠨᠡᠶᠢᠳᠡᠮ ᠭᠦᠢᠴᠡᠳᠬᠡᠬᠦ︾᠂ ︽ᠨᠢᠭᠡ ᠰᠦᠯᠵᠢᠶ᠎ᠡ ᠪᠠᠷ | ᠨᠢᠭᠡᠳᠦᠯᠲᠡᠢ ᠬᠠᠮᠢᠶᠠᠷᠬᠤ︾ ᠶᠢ ᠭᠦᠨᠵᠡᠭᠡᠶᠢᠷᠡᠭᠦᠯᠦᠨ ᠠᠬᠢᠭᠤᠯᠵᠤ᠂ ᠠᠵᠤ ᠠᠬᠤᠶᠢᠯᠠᠯ ᠤᠨ ᠪᠦᠭᠦ ᠠᠮᠢ ᠨᠠᠰᠤᠨ ᠤ ᠦᠶᠡᠯᠡᠯ ᠤᠨ ᠬᠤᠭᠤᠴᠠᠭᠠᠨ ᠳᠠᠬᠢ | ᠦᠢᠯᠡᠴᠢᠯᠡᠭᠡ ᠪᠠᠨ ᠴᠢᠩᠭᠠᠷᠠᠭᠤᠯᠤᠨ᠂ ᠬᠠᠯᠠᠮᠰᠢᠯ ᠤᠲᠠᠰᠤ 12345 ᠶᠢᠨ ᠭᠤᠮᠣᠳᠠᠯ ᠱᠠᠭᠠᠷᠳᠠᠯᠭ᠎ᠠ ᠶᠢ ᠰᠢᠢᠳᠪᠦᠷᠢᠯᠡᠭᠰᠡᠨ ᠪᠠᠶᠢᠳᠠᠯ ᠳᠤ ᠰᠠᠷ᠎ᠠ ᠪᠣᠯᠭᠠᠨ | ᠨᠡᠷᠡᠰ ᠤᠨ ᠵᠢᠭᠰᠠᠭᠠᠯᠲᠠ ᠭᠠᠷᠭᠠᠵᠤ ᠨᠡᠪᠲᠡᠷᠡᠭᠦᠯᠦᠨ ᠮᠡᠳᠡᠭᠡᠯᠡᠵᠦ᠂ ᠬᠤᠶᠢᠭᠤᠷ ᠵᠢᠭᠰᠠᠭᠠᠭᠳᠠᠵᠤ ᠪᠠᠶᠢᠭ᠎ᠠ ᠲᠠᠢ ᠨᠢ ᠪᠣᠯᠵᠣᠨ ᠶᠠᠷᠢᠯᠴᠠᠵᠤ᠂ ᠤᠯᠠᠮ ᠤᠯᠠᠨ ᠠᠵᠤ | ᠠᠬᠤᠶᠢᠯᠠᠯ ᠪᠠ ᠠᠷᠠᠳ ᠲᠦᠮᠡᠨ ᠬᠠᠯᠠᠮᠰᠢᠯ ᠤᠲᠠᠰᠤ ᠪᠠᠷ ᠲᠠᠮᠵᠢᠵᠦ ᠲᠦᠷᠦ ᠶᠢᠨ ᠪᠣᠳᠣᠯᠭ᠎ᠠ ᠶᠢ ᠣᠶᠢᠯᠠᠭᠠᠭᠰᠠᠨ ᠪᠠ ᠠᠰᠠᠭᠤᠳᠠᠯ ᠢᠶᠠᠨ ᠰᠢᠢᠳᠪᠦᠷᠢᠯᠡᠵᠦ᠂ ᠪᠦᠭᠦ | ᠵᠢᠯ ᠳᠤ ᠡᠯ᠎ᠡ ᠲᠦᠷᠦᠯ ᠤᠨ ᠭᠤᠮᠣᠳᠠᠯ ᠱᠠᠭᠠᠷᠳᠠᠯᠭ᠎ᠠ ᠶᠢ 641 ᠲᠦᠮᠡᠨ ᠬᠤᠪᠢ ᠭᠥᠯᠢᠶᠡᠨ ᠠᠪᠴᠤ ᠰᠢᠢᠳᠪᠦᠷᠢᠯᠡᠨ᠂ ᠭᠦᠢᠴᠡᠳᠬᠡᠵᠦ ᠳᠠᠭᠤᠰᠬᠠᠭᠰᠠᠨ ᠨᠤᠷᠮ᠎ᠠ | 95% ᠠᠴᠠ ᠳᠡᠭᠡᠭᠰᠢ ᠳᠤ ᠬᠦᠷᠪᠡ︔ ᠥᠪᠡᠷᠲᠡᠭᠡᠨ ᠵᠠᠰᠠᠬᠤ ᠣᠷᠣᠨ ᠤ ᠱᠠᠲᠤᠨ ᠤ ᠡᠷᠬᠡ ᠶᠢᠨ ᠵᠦᠢᠯᠡᠰ ᠢ 268 ᠬᠦᠴᠦᠨ ᠦᠭᠡᠢ ᠪᠤᠯᠭᠠᠨᠨᠰᠠᠨ ᠪᠠ ᠳᠣᠷᠣᠭᠰᠢ | ᠪᠠᠭᠤᠯᠭᠠᠵᠤ᠂ ᠠᠵᠤ ᠦᠢᠯᠡᠳᠪᠦᠷᠢ ᠳᠤ ᠬᠡᠷᠡᠭᠯᠡᠬᠦ ᠬᠡᠰᠡᠭᠯᠡᠭᠰᠡᠨ ︽ᠪᠠᠷᠢᠮᠵᠢᠶᠠᠲᠤ ᠭᠠᠵᠠᠷ︾ ᠢ 332 ᠲᠥᠯᠥᠪᠦᠷᠢᠲᠡᠢ ᠰᠢᠯᠵᠢᠭᠦᠯᠦᠨ᠂ ᠬᠦᠷᠢᠶᠡᠯᠡᠩ ᠲᠣᠭᠤᠷᠢᠭ ᠪᠠ | ᠲᠣᠰᠬᠤᠨ ᠤ ᠱᠠᠲᠤ ᠪᠦᠬᠦᠨ ᠳᠤ ︽ᠬᠠᠪᠰᠤᠷᠤᠨ ᠭᠦᠢᠴᠡᠳᠬᠡᠬᠦ ᠣᠷᠣᠯᠠᠨ ᠭᠦᠢᠴᠡᠳᠬᠡᠬᠦ︾ ᠶᠢ ᠬᠠᠮᠤᠷᠤᠭᠤᠯᠬᠤ ᠶᠢ ᠪᠡᠶᠡᠯᠡᠭᠦᠯᠵᠦ᠂ ︽ᠵᠠᠰᠠᠭ ᠤᠨ ᠶᠠᠪᠤᠳᠠᠯ + | ᠰᠢᠭᠤᠳ ᠨᠡᠪᠲᠡᠷᠡᠭᠦᠯᠭᠡ︾ ᠦᠢᠯᠡᠴᠢᠯᠡᠭᠡᠨ ᠤ ᠰᠢᠨ᠎ᠡ ᠵᠠᠭᠪᠤᠷ ᠨᠢ ᠲᠦᠷᠦ ᠶᠢᠨ ᠶᠠᠪᠤᠳᠠᠯ ᠤᠨ ᠬᠤᠷᠢᠶᠠᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠦᠢᠯᠡᠳᠦᠯ | ᠴᠢᠳᠠᠮᠵᠢ ᠪᠠᠨ ᠳᠡᠭᠡᠭᠰᠢᠯᠡᠭᠦᠯᠦᠭᠰᠡᠨ ᠨᠡᠶᠢᠲᠡᠯᠢᠭ ᠬᠡᠷᠡᠭ ᠤᠨ ᠵᠢᠱᠢᠶ᠎ᠡ ᠪᠠᠷ ᠰᠣᠩᠭᠤᠭᠳᠠᠪᠠ᠃ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠲᠤᠰᠬᠠᠯ ᠴᠢᠩᠭ᠎ᠠ | ᠠᠰᠠᠭᠤᠳᠠᠯ ᠳᠤ ᠬᠠᠨᠳᠤᠭᠤᠯᠵᠤ᠂ ᠠᠵᠤ ᠠᠬᠤᠶᠢᠯᠠᠯ ᠳᠤ ᠥᠷᠢᠲᠦᠵᠦ ᠪᠠᠶᠢᠭ᠎ᠠ 1293 ᠳ᠋ᠦᠩᠰᠢᠭᠤᠷ ᠲᠥᠭᠦᠷᠢᠭ ᠤᠨ ᠳᠠᠩᠰᠠᠨ ᠳᠠᠬᠢ ᠵᠣᠭᠤᠰ ᠢ ᠲᠥᠯᠥᠵᠦ | ᠳᠠᠭᠤᠰᠬᠠᠨ᠂ ᠠᠵᠤ ᠠᠬᠤᠶᠢᠯᠠᠯ ᠳᠤ ᠨᠢᠭᠡ ᠪᠦᠯᠦᠭ ᠭᠠᠵᠠᠷ ᠰᠢᠷᠣᠢ ᠦᠢᠯᠡᠳᠪᠦᠷᠢ ᠶᠢᠨ ᠭᠡᠷ ᠪᠠᠶᠢᠰᠢᠩ ᠤᠨ ᠥᠮᠴᠢᠯᠡᠬᠦ ᠡᠷᠬᠡ ᠶᠢᠨ ᠭᠠᠷᠳᠠᠮ ᠤᠨ ᠠᠰᠠᠭᠤᠳᠠᠯ ᠢ | ᠰᠢᠢᠳᠪᠦᠷᠢᠯᠡᠨ ᠥᠭᠴᠦ᠂ ᠭᠠᠶᠢᠯᠢ ᠶᠢ ᠬᠥᠩᠭᠡᠯᠡᠵᠦ ᠰᠦᠢᠳᠬᠡᠯ ᠢ ᠪᠠᠭᠤᠷᠠᠭᠤᠯᠬᠤ ᠵᠢᠴᠢ ᠭᠠᠶᠢᠯᠢ ᠶᠢ ᠪᠤᠴᠠᠭᠠᠵᠤ ᠬᠤᠶᠢᠰᠢᠯᠠᠭᠤᠯᠤᠨ ᠲᠤᠰᠢᠶᠠᠬᠤ ᠵᠠᠷᠤᠳᠠᠯ ᠢ 341 | ᠳ᠋ᠦᠩᠰᠢᠭᠤᠷ ᠲᠥᠭᠦᠷᠢᠭ ᠰᠢᠨ᠎ᠡ ᠪᠠᠷ ᠨᠡᠮᠡᠭᠳᠡᠭᠦᠯᠦᠨ᠂ 2 ᠠᠵᠤ ᠠᠬᠤᠶᠢᠯᠠᠯ ᠠᠮᠵᠢᠯᠲᠠᠲᠠᠢ ᠪᠠᠷ ᠵᠠᠬ᠎ᠠ ᠳᠤ ᠭᠠᠷᠴᠤ᠂ 5 ᠠᠵᠤ ᠠᠬᠤᠶᠢᠯᠠᠯ ᠪᠦᠭᠦ ᠤᠯᠤᠰ ᠤᠨ | ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ 500 ᠬᠦᠴᠦᠷᠬᠡᠭ ᠤᠨ ᠡᠩᠨᠡᠭᠡᠨ ᠳᠤ ᠵᠢᠭᠰᠠᠭᠠᠭᠳᠠᠵᠤ᠂ ᠪᠦᠭᠦ ᠣᠷᠣᠨ ᠤ ᠵᠠᠭᠤᠨ ᠬᠦᠴᠦᠷᠬᠡᠭ ᠠᠷᠠᠳ ᠠᠴᠠ | ᠡᠵᠡᠩᠨᠡᠭᠰᠡᠨ ᠠᠵᠤ ᠠᠬᠤᠶᠢᠯᠠᠯ ᠤᠨ ᠡᠵᠡᠩᠨᠡᠯᠲᠡ ᠶᠢᠨ ᠪᠦᠭᠦ ᠣᠷᠣᠯᠭ᠎ᠠ 1 ᠲᠦᠮᠡᠨ ᠳ᠋ᠦᠩᠰᠢᠭᠤᠷ ᠲᠥᠭᠦᠷᠢᠭ ᠢ ᠳᠠᠪᠠᠪᠠ᠃ ᠤᠯᠤᠰ ᠤᠨ ᠥᠮᠴᠢᠯᠡᠯᠲᠦ ᠠᠵᠤ | ᠠᠬᠤᠶᠢᠯᠠᠯ ᠪᠠᠭᠤᠷᠠᠢ ᠪᠠᠶᠢᠭ᠎ᠠ ᠣᠳᠣᠬᠢ ᠪᠠᠶᠢᠳᠠᠯ ᠳᠤ ᠬᠠᠨᠳᠤᠭᠤᠯᠵᠤ᠂ ︽ᠪᠦᠰᠡᠯᠡᠯᠲᠡ ᠰᠢᠪᠲᠤᠯᠬᠤ︾ ᠠᠵᠢᠯᠯᠠᠭᠠᠨ ᠢ ᠥᠷᠨᠢᠭᠦᠯᠵᠦ᠂ ᠠᠯᠳᠠᠭᠳᠠᠯ ᠢ ᠵᠠᠰᠠᠬᠤ | ᠡᠷᠴᠢᠮ ᠢᠶᠠᠨ ᠴᠢᠩᠭᠠᠷᠠᠭᠤᠯᠪᠠ᠂ ᠥᠪᠡᠷᠲᠡᠭᠡᠨ ᠵᠠᠰᠠᠬᠤ ᠣᠷᠣᠨ ᠤ ᠤᠯᠤᠰ ᠤᠨ ᠥᠮᠴᠢᠯᠡᠯᠲᠦ ᠡᠳ᠋ ᠬᠥᠷᠥᠩᠭᠡ ᠶᠢᠨ ᠬᠢᠨᠠᠯᠲᠠ ᠬᠠᠮᠢᠶᠠᠷᠤᠯᠲᠠ ᠶᠢᠨ ᠵᠥᠪᠯᠡᠯ ᠠᠴᠠ | ᠬᠢᠨᠠᠨ ᠬᠠᠮᠢᠶᠠᠷᠴᠤ ᠪᠠᠶᠢᠭ᠎ᠠ ᠠᠵᠤ ᠠᠬᠤᠶᠢᠯᠠᠯ ᠤᠨ ᠠᠰᠢᠭ ᠣᠯᠵᠠᠪᠤᠷᠢ ᠶᠢᠨ ᠶᠡᠷᠦᠩᠬᠡᠢ ᠲᠤᠭ᠎ᠠ 70% ᠨᠡᠮᠡᠭᠳᠡᠵᠦ᠂ ᠪᠤᠭᠤᠲᠤ ᠶᠢᠨ ᠪᠣᠯᠣᠳ ᠲᠡᠮᠦᠷ ᠤᠨ | ᠪᠦᠯᠦᠭᠯᠡᠯ ᠤᠨ ᠠᠰᠢᠭ ᠣᠯᠵᠠᠪᠤᠷᠢ 53 ᠳ᠋ᠦᠩᠰᠢᠭᠤᠷ ᠲᠥᠭᠦᠷᠢᠭ ᠲᠤ ᠬᠦᠷᠴᠦ᠂ ᠪᠦᠭᠦ ᠤᠯᠤᠰ ᠤᠨ 500 ᠬᠦᠴᠦᠷᠬᠡᠭ ᠤᠨ ᠨᠡᠷᠡᠰ ᠤᠨ ᠵᠢᠭᠰᠠᠭᠠᠯᠲᠠ ᠳᠤ | ᠴᠠᠬᠢᠯᠭᠠᠨ ᠬᠦᠴᠦᠨ ᠤ ᠪᠦᠯᠦᠭᠯᠡᠯ ᠤᠷᠤᠭᠰᠢ ᠪᠠᠨ 24 ᠨᠡᠷ᠎ᠡ ᠲᠡᠪᠰᠢᠨ᠂ ᠥᠪᠥᠷ ᠮᠣᠩᠭᠤᠯ ᠤᠨ ᠡᠨᠧᠷᠬᠢ ᠶᠢᠨ ᠪᠦᠯᠦᠭᠯᠡᠯ ᠤᠨ ᠪᠡᠯᠡ ᠬᠥᠷᠥᠩᠭᠡ ᠶᠢᠨ ᠶᠡᠷᠦᠩᠬᠡᠢ | ᠲᠤᠭ᠎ᠠ ᠮᠢᠩᠭᠠᠨ ᠳ᠋ᠦᠩᠰᠢᠭᠤᠷ ᠲᠥᠭᠦᠷᠢᠭ ᠢ ᠳᠠᠪᠠᠵᠤ᠂ ᠵᠠᠮ ᠬᠠᠷᠢᠯᠴᠠᠭᠠᠨ ᠤ ᠪᠦᠯᠦᠭᠯᠡᠯ᠂ ᠤᠯᠠᠨ ᠤᠯᠤᠰ ᠤᠨ ᠠᠷᠠᠯᠵᠢᠶᠠᠨ ᠤ ᠪᠦᠯᠦᠭᠯᠡᠯ ᠢ ᠰᠢᠨ᠎ᠡ ᠪᠠᠷ ᠵᠣᠬᠢᠶᠠᠨ | ᠪᠠᠶᠢᠭᠤᠯᠪᠠ᠃ ᠨᠡᠭᠡᠭᠡᠯᠲᠡ ᠬᠢᠬᠦ ᠠᠮᠢᠵᠢᠷᠠᠯ ᠤᠨ ᠬᠦᠴᠦᠨ ᠢᠶᠠᠷ ᠳᠤᠲᠠᠮᠠᠭ ᠪᠠᠶᠢᠳᠠᠯ ᠳᠤ ᠬᠠᠨᠳᠤᠭᠤᠯᠵᠤ᠂ ᠭᠠᠳᠠᠭᠠᠳᠤ ᠠᠷᠠᠯᠵᠢᠶᠠᠨ ᠤ ᠬᠡᠪᠴᠢᠶ᠎ᠡ ᠶᠢ | ᠲᠣᠭᠲᠠᠪᠤᠷᠢᠵᠢᠭᠤᠯᠵᠤ ᠪᠦᠲᠦᠴᠡ ᠶᠢ ᠰᠢᠯᠢᠳᠡᠭᠵᠢᠭᠦᠯᠬᠦ 32 ᠵᠤᠷᠪᠤᠰ ᠢ ᠨᠡᠶᠢᠲᠡᠯᠡᠨ᠂ ᠮᠠᠨᠵᠤᠤᠷ ᠬᠢᠯᠢ ᠶᠢᠨ ᠪᠣᠭᠤᠮᠲᠠ ᠶᠢᠨ ᠲᠣᠮᠳᠠᠲᠤ ᠤᠷᠤᠰ ᠤᠨ ᠪᠦᠯᠭᠦᠮ ᠢᠶᠠᠷ | ᠵᠢᠭᠤᠯᠴᠢᠯᠠᠬᠤ ᠳᠤ ᠸᠢᠰᠠ ᠲᠠᠮᠠᠭᠠᠯᠠᠬᠤ ᠶᠢ ᠬᠠᠷᠢᠯᠴᠠᠨ ᠬᠡᠯᠲᠦᠷᠢᠭᠦᠯᠬᠦ᠂ ᠡᠷᠢᠶᠡᠨ ᠬᠤᠲᠠ ᠬᠢᠯᠢ ᠶᠢᠨ ᠪᠣᠭᠤᠮᠲᠠ ᠪᠠᠷ 8 ᠰᠠᠭᠤᠳᠠᠯ ᠠᠴᠠ ᠳᠣᠷᠣᠭᠰᠢᠬᠢ ᠵᠢᠵᠢᠭ | ᠬᠡᠯᠪᠡᠷᠢ ᠶᠢᠨ ᠲᠡᠷᠭᠡ ᠬᠥᠰᠬᠡ ᠶᠢ ᠥᠩᠭᠡᠷᠡᠭᠦᠯᠬᠦ ᠪᠣᠳᠣᠯᠭ᠎ᠠ ᠶᠢ ᠰᠡᠷᠭᠦᠭᠡᠵᠦ᠂ ᠮᠠᠨᠵᠤᠤᠷ ᠤᠨ ᠶᠡᠷᠦᠩᠬᠡᠶᠢᠯᠡᠭᠰᠡᠨ ᠭᠠᠶᠢᠯᠢ ᠪᠠᠲᠤᠯᠠᠬᠤ ᠣᠷᠣᠨ ᠤ ᠠᠷᠠᠯᠵᠢᠶᠠᠨ ᠤ | ᠲᠤᠭ᠎ᠠ 3 ᠲᠠᠬᠢᠨ ᠰᠢᠬᠠᠮ ᠨᠡᠮᠡᠭᠳᠡᠨ᠂ ᠪᠦᠭᠦ ᠣᠷᠣᠨ ᠤ ᠬᠢᠯᠢ ᠶᠢᠨ ᠪᠣᠭᠤᠮᠲᠠ ᠪᠠᠷ ᠪᠠᠷᠠᠭ᠎ᠠ ᠲᠡᠭᠡᠭᠡᠪᠦᠷᠢᠯᠡᠭᠰᠡᠨ ᠬᠡᠮᠵᠢᠶ᠎ᠡ 1 ᠳ᠋ᠦᠩᠰᠢᠭᠤᠷ ᠲᠣᠨ ᠢ ᠳᠠᠪᠠᠵᠤ᠂ | ᠪᠦᠭᠦ ᠤᠯᠤᠰ ᠤᠨ ᠡᠬᠡ ᠬᠠᠭᠤᠷᠠᠢ ᠶᠢᠨ ᠬᠢᠯᠢ ᠳᠠᠭᠠᠤ ᠬᠢᠯᠢ ᠶᠢᠨ ᠪᠣᠭᠤᠮᠲᠠ ᠶᠢᠨ ᠲᠡᠮᠳᠡᠭᠯᠡᠯ ᠢ ᠰᠢᠨᠡᠳᠬᠡᠨ᠂ ᠣᠷᠣᠨ ᠳᠤ ᠢᠷᠡᠵᠦ ᠠᠶᠠᠯᠠᠬᠤ ᠳᠤᠮᠳᠠᠳᠤ | ᠡᠸᠦ᠋ᠷᠦᠫᠡ ᠶᠢᠨ ᠡᠭᠡᠯᠵᠢ ᠶᠢᠨ ᠴᠤᠪᠤᠭ᠎ᠠ ᠲᠡᠷᠭᠡ 429 ᠬᠦᠷᠴᠦ᠂ 73.7% ᠨᠡᠮᠡᠭᠳᠡᠨ᠂ ᠮᠠᠰᠢᠨ ᠴᠠᠬᠢᠯᠭᠠᠨ ᠤ ᠦᠢᠯᠡᠳᠬᠦᠨ ᠤ ᠭᠠᠳᠠᠭᠠᠳᠤ ᠭᠠᠷᠭᠠᠯᠲᠠ 118. | 9% ᠨᠡᠮᠡᠭᠳᠡᠵᠦ᠂ ᠴᠠᠬᠢᠯᠭᠠᠨ ᠬᠦᠳᠡᠯᠭᠡᠭᠦᠷᠲᠦ ᠬᠥᠮᠥᠨ ᠠᠴᠢᠶᠠᠯᠠᠬᠤ ᠮᠠᠰᠢᠨ ᠲᠡᠷᠭᠡ ᠵᠡᠷᠭᠡ ︽ᠭᠤᠷᠪᠠᠨ ᠰᠢᠨ᠎ᠡ ᠲᠦᠷᠦᠯ︾ ᠤᠨ ᠦᠢᠯᠡᠳᠬᠦᠨ ᠤ ᠭᠠᠳᠠᠭᠠᠳᠤ | ᠭᠠᠷᠭᠠᠯᠲᠠ 48 ᠳᠠᠬᠢᠨ ᠨᠡᠮᠡᠭᠳᠡᠵᠦ᠂ ᠭᠠᠳᠠᠭᠠᠳᠤ ᠶᠢᠨ ᠬᠤᠳᠠᠯᠳᠤᠭᠠᠴᠢᠨ ᠤ ᠪᠡᠯᠡ ᠣᠷᠣᠭᠤᠯᠤᠭᠰᠠᠨ ᠠᠵᠤ ᠠᠬᠤᠶᠢᠯᠠᠯ ᠢ 167 ᠰᠢᠨ᠎ᠡ ᠪᠠᠷ ᠲᠣᠬᠢᠷᠠᠭᠤᠯᠵᠤ᠂ 3. | 2 ᠳᠠᠬᠢᠨ ᠨᠡᠮᠡᠭᠳᠡᠨ᠂ ᠭᠠᠳᠠᠭᠠᠳᠤ ᠪᠡᠯᠡ ᠶᠢ ᠬᠡᠷᠡᠭᠯᠡᠭᠰᠡᠨ ᠪᠣᠳᠠᠲᠠᠢ ᠲᠤᠭ᠎ᠠ 55.8 ᠳ᠋ᠦᠩᠰᠢᠭᠤᠷ ᠲᠥᠭᠦᠷᠢᠭ ᠲᠤ ᠬᠦᠷᠴᠦ᠂ 61.5% ᠨᠡᠮᠡᠭᠳᠡᠪᠡ᠃ ᠬᠢᠯᠢ | ᠰᠤᠨᠳᠠᠯᠠᠨ ᠬᠤᠷᠢᠶᠠᠭᠰᠠᠨ ᠪᠠ ᠥᠭᠭᠦᠭᠰᠡᠨ ᠠᠷᠠᠳ ᠤᠨ ᠵᠣᠭᠤᠰ ᠤᠨ ᠲᠤᠭ᠎ᠠ 2584.2 ᠳ᠋ᠦᠩᠰᠢᠭᠤᠷ ᠲᠥᠭᠦᠷᠢᠭ ᠲᠤ ᠬᠦᠷᠴᠦ᠂ 99.8% ᠨᠡᠮᠡᠭᠳᠡᠪᠡ᠃ |