2024 ᠤᠨ ᠤ ᠦᠪᠡᠷᠲᠡᠭᠡᠨ ᠵᠠᠰᠠᠬᠤ ᠤᠷᠤᠨ ᠤ ᠵᠠᠰᠠᠭ ᠤᠨ ᠣᠷᠳᠣᠨ ᠤ ᠠᠵᠢᠯ ᠤᠨ ᠢᠯᠡᠳᠬᠡᠯ 7
ᠨᠡᠶᠢᠲᠡᠯᠡᠭᠰᠡᠨ ᠴᠠᠭ᠄
2024/2/5
       ᠣᠳᠣ ᠦᠶ᠎ᠡ ᠶᠢᠨ ᠦᠢᠯᠡᠴᠢᠯᠡᠭᠡᠨ ᠤ ᠦᠢᠯᠡᠰ ᠤᠨ ᠬᠥᠭᠵᠢᠯᠲᠡ ᠶᠢ ᠲᠦᠷᠭᠡᠳᠬᠡᠵᠦ᠂ ᠴᠢᠨᠠᠷ ᠴᠢᠨᠰᠠᠭ᠎ᠠ ᠶᠢ ᠳᠡᠭᠡᠭᠰᠢᠯᠡᠭᠦᠯᠬᠦ ᠬᠡᠷᠡᠭᠲᠡᠢ᠃ ᠣᠳᠣ ᠦᠶ᠎ᠡ ᠶᠢᠨ ᠦᠢᠯᠡᠴᠢᠯᠡᠭᠡᠨ ᠤ ᠦᠢᠯᠡᠰ ᠪᠣᠯᠣᠨ ᠲᠡᠷᠢᠭᠦᠨ ᠤ ᠦᠢᠯᠡᠳᠬᠦ ᠦᠢᠯᠡᠰ᠂ ᠣᠳᠣ ᠦᠶ᠎ᠡ ᠶᠢᠨ ᠲᠠᠷᠢᠶᠠᠯᠠᠩ ᠮᠠᠯ ᠠᠵᠤ ᠠᠬᠤᠢ ᠯᠤᠭ᠎ᠠ ᠶᠢᠨ ᠭᠦᠨᠵᠡᠭᠡᠢ ᠠᠭᠤᠰᠤᠯᠴᠠᠯ ᠢ ᠶᠡᠭᠡ ᠪᠠᠷ ᠠᠬᠢᠭᠤᠯᠵᠤ᠂ ᠠᠵᠤ ᠦᠢᠯᠡᠳᠪᠦᠷᠢ ᠶᠢᠨ ᠵᠢᠷᠤᠭ ᠲᠥᠯᠥᠪᠯᠡᠭᠡ᠂ ᠵᠠᠬᠢᠶᠠᠯᠠᠨ ᠬᠢᠯᠭᠡᠬᠦ ᠦᠢᠯᠡᠴᠢᠯᠡᠭᠡ᠂ ᠪᠠᠶᠢᠴᠠᠭᠠᠨ ᠰᠢᠯᠭᠠᠵᠤ ᠬᠡᠮᠵᠢᠬᠦ᠂ ᠮᠡᠳᠡᠭᠡ ᠵᠠᠩᠭᠢ ᠶᠢᠨ ᠯᠠᠪᠯᠠᠭ᠎ᠠ ᠵᠡᠷᠭᠡ ᠦᠢᠯᠡᠴᠢᠯᠡᠭᠡᠨ ᠤ ᠡᠵᠡᠩᠨᠡᠯᠲᠡ ᠶᠢᠨ ᠪᠠᠶᠢᠳᠠᠯ ᠢ ᠢᠳᠡᠪᠬᠢᠲᠡᠢ ᠬᠥᠭᠵᠢᠭᠦᠯᠦᠨ᠂ ᠦᠢᠯᠡᠴᠢᠯᠡᠭᠡᠨ ᠤ ᠦᠢᠯᠡᠰ ᠤᠨ ᠨᠢᠭᠡ ᠪᠦᠯᠦᠭ ᠬᠥᠲᠥᠴᠢ ᠪᠣᠯᠬᠤ ᠨᠢᠷᠤᠭᠤᠪᠴᠢ ᠠᠵᠤ ᠠᠬᠤᠶᠢᠯᠠᠯ ᠢ ᠣᠷᠣᠭᠤᠯᠤᠨ ᠠᠪᠴᠢᠷᠠᠵᠤ ᠪᠤᠶᠢᠵᠢᠭᠤᠯᠬᠤ ᠪᠠᠷ ᠬᠦᠴᠦᠯᠡᠵᠦ᠂ ᠦᠢᠯᠡᠴᠢᠯᠡᠭᠡᠨ ᠤ ᠦᠢᠯᠡᠰ ᠤᠨ ᠨᠢᠭᠡ ᠪᠦᠯᠦᠭ ᠨᠡᠷ᠎ᠡ ᠠᠯᠳᠠᠷᠰᠢᠭᠰᠠᠨ ᠨᠡᠷᠡᠲᠦ ᠲᠡᠮᠳᠡᠭ ᠢ ᠬᠦᠴᠦᠷᠬᠡᠭᠵᠢᠭᠦᠯᠬᠦ ᠶᠢ ᠵᠣᠷᠢᠭᠵᠢᠭᠤᠯᠤᠨ᠂ ᠣᠷᠣᠨ ᠤ ᠲᠥᠪ ᠬᠤᠲᠠ ᠶᠢᠨ ᠣᠳᠣ ᠦᠶ᠎ᠡ ᠶᠢᠨ ᠦᠢᠯᠡᠴᠢᠯᠡᠭᠡᠨ ᠤ ᠦᠢᠯᠡᠰ ᠤᠨ ᠰᠢᠨ᠎ᠡ ᠥᠨᠳᠦᠷᠯᠢᠭ ᠢ ᠴᠣᠭᠴᠠᠯᠠᠬᠤ ᠶᠢ ᠨᠢ ᠳᠡᠮᠵᠢᠵᠦ᠂ ᠬᠥᠯᠥᠨ ᠪᠦᠢᠷ ᠤᠨ ᠠᠵᠤ ᠦᠢᠯᠡᠳᠪᠦᠷᠢ ᠶᠢᠨ ᠦᠢᠯᠡᠳᠬᠦᠨ ᠤ ᠬᠦᠢᠲᠡᠨ ᠢ ᠳᠠᠭᠠᠭᠠᠬᠤ ᠲᠤᠷᠰᠢᠯᠲᠠ ᠶᠢᠨ ᠰᠠᠭᠤᠷᠢᠨ ᠭᠠᠵᠠᠷ ᠢ ᠪᠦᠲᠦᠭᠡᠨ ᠪᠠᠶᠢᠭᠤᠯᠬᠤ ᠶᠢ ᠨᠢ ᠳᠡᠮᠵᠢᠨ᠎ᠡ᠃ ᠰᠢᠨ᠎ᠡ ᠡᠨᠧᠷᠬᠢ ᠶᠢᠨ ᠠᠵᠢᠯᠯᠠᠭᠤᠯᠵᠤ ᠬᠠᠮᠠᠭᠠᠯᠠᠬᠤ ᠦᠢᠯᠡᠴᠢᠯᠡᠭᠡᠨ ᠤ ᠦᠢᠯᠡᠰ ᠰᠠᠷᠠᠭᠤᠯ ᠠᠭᠤᠳᠠᠮ ᠬᠡᠳᠦ ᠶᠢᠨ ᠲᠥᠯᠥᠪ ᠲᠠᠢ᠂ ᠵᠢᠱᠢᠭᠰᠡᠨ ᠢᠶᠠᠷ 2025 ᠣᠨ ᠪᠣᠯᠬᠤ ᠳᠤ ᠰᠢᠨ᠎ᠡ ᠡᠨᠧᠷᠬᠢ ᠶᠢᠨ ᠮᠠᠰᠢᠨ ᠴᠣᠭᠴᠠᠯᠠᠪᠤᠷᠢ ᠶᠢᠨ ᠬᠡᠪᠴᠢᠶ᠎ᠡ 1.5 ᠳ᠋ᠦᠩᠰᠢᠭᠤᠷ ᠺᠢᠯᠣᠸᠠᠲ ᠲᠤ ᠬᠦᠷᠬᠦ ᠪᠣᠯᠣᠨ᠎ᠠ᠂ ᠣᠶᠤᠨᠯᠢᠭ ᠢᠶᠠᠷ ᠪᠠᠶᠢᠴᠠᠭᠠᠨ ᠰᠡᠯᠪᠢᠬᠦ᠂ ᠨᠠᠷᠢᠯᠢᠭ ᠬᠠᠮᠢᠶᠠᠷᠤᠨ ᠡᠵᠡᠮᠳᠡᠬᠦ᠂ ᠲᠥᠬᠦᠭᠡᠷᠦᠮᠵᠢ ᠶᠢ ᠰᠢᠯᠢᠳᠡᠭᠵᠢᠭᠦᠯᠬᠦ ᠵᠡᠷᠭᠡ ᠦᠢᠯᠡᠴᠢᠯᠡᠭᠡᠨ ᠤ ᠠᠵᠤ ᠦᠢᠯᠡᠰ ᠢ ᠶᠡᠭᠡ ᠪᠠᠷ ᠬᠥᠭᠵᠢᠭᠦᠯᠵᠦ᠂ ᠲᠤᠰᠬᠠᠶᠢᠵᠢᠭᠰᠠᠨ ᠦᠢᠯᠡᠴᠢᠯᠡᠭᠡᠨ ᠤ ᠬᠤᠳᠠᠯᠳᠤᠭᠠᠴᠢᠨ ᠢ ᠪᠤᠶᠢᠵᠢᠭᠤᠯᠵᠤ᠂ ᠪᠦᠬᠦ ᠤᠯᠤᠰ ᠤᠨ ᠰᠢᠨ᠎ᠡ ᠡᠨᠧᠷᠬᠢ ᠶᠢᠨ ᠠᠵᠢᠯᠯᠠᠭᠤᠯᠵᠤ ᠬᠠᠮᠠᠭᠠᠯᠠᠬᠤ ᠠᠵᠤ ᠦᠢᠯᠡᠰ ᠤᠨ ︽ᠲᠦᠷᠦᠭᠦᠦ ᠬᠤᠨᠢ︾ ᠪᠣᠯᠬᠤ ᠪᠠᠷ ᠴᠢᠷᠮᠠᠶᠢᠬᠤ ᠬᠡᠷᠡᠭᠲᠡᠢ᠃ ᠪᠠᠷᠠᠭᠠᠨ ᠤ ᠭᠦᠢᠯᠭᠡᠭᠡᠨ ᠤ ᠬᠦᠮᠦᠷᠭᠡᠯᠡᠯᠲᠡ ᠲᠡᠭᠡᠭᠡᠪᠦᠷᠢ ᠶᠢᠨ ᠦᠢᠯᠡᠰ ᠤᠨ ᠳᠠᠯᠳᠠ ᠬᠦᠴᠦᠨ ᠯᠤᠲᠤ ᠶᠡᠭᠡ ᠪᠠᠶᠢᠨ᠎ᠠ᠂ ᠮᠠᠨ ᠤ ᠣᠷᠣᠨ ᠤ ᠭᠦᠢᠯᠭᠡᠭᠡᠨ ᠶᠡᠬᠡᠲᠡᠢ ᠲᠠᠸᠠᠷ ᠦᠢᠯᠡᠳᠪᠦᠷᠢᠯᠡᠬᠦ ᠣᠯᠠᠨ᠂ ᠶᠡᠭᠡ ᠪᠠᠷ ᠭᠠᠳᠠᠭᠰᠢ ᠭᠠᠷᠭᠠᠬᠤ ᠶᠡᠭᠡ ᠪᠠᠷ ᠭᠠᠳᠠᠨ᠎ᠠ ᠠᠴᠠ ᠣᠷᠣᠭᠤᠯᠬᠤ ᠣᠯᠠᠨ᠂ ᠬᠤᠯᠠ ᠵᠠᠢ ᠪᠠᠷ ᠲᠡᠭᠡᠭᠡᠪᠦᠷᠢᠯᠡᠬᠦ ᠣᠯᠠᠨ ᠵᠡᠷᠭᠡ ᠪᠣᠳᠠᠲᠠᠢ ᠳᠤ ᠰᠠᠭᠤᠷᠢᠯᠠᠨ᠂ ︽ᠨᠡᠪᠲᠡᠷᠡᠯ ᠵᠠᠮ + ᠵᠠᠩᠭᠢᠶᠠᠰᠤ + ᠲᠣᠣᠷ︾ ᠤᠨ ᠣᠳᠣ ᠦᠶ᠎ᠡ ᠶᠢᠨ ᠪᠠᠷᠠᠭᠠᠨ ᠤ ᠭᠦᠢᠯᠭᠡᠭᠡᠨ ᠤ ᠲᠣᠭᠲᠠᠯᠴᠠᠭ᠎ᠠ ᠶᠢ ᠲᠡᠭᠦᠯᠳᠡᠷᠵᠢᠭᠦᠯᠦᠨ᠂ ᠣᠷᠣᠨ ᠨᠤᠲᠤᠭ ᠤᠨ ᠲᠣᠣᠷ ᠰᠦᠯᠵᠢᠶᠡᠨ ᠤ ᠪᠠᠷᠠᠭ᠎ᠠ ᠲᠡᠭᠡᠭᠡᠪᠦᠷᠢᠯᠡᠬᠦ ᠲᠠᠪᠴᠠᠩᠲᠤ ᠠᠵᠤ ᠠᠬᠤᠶᠢᠯᠠᠯ ᠢ ᠪᠤᠶᠢᠵᠢᠭᠤᠯᠵᠤ᠂ ᠣᠯᠠᠨ ᠬᠡᠯᠪᠡᠷᠢ ᠪᠠᠷ ᠬᠤᠯᠪᠤᠭᠠᠯᠠᠨ ᠲᠡᠭᠡᠭᠡᠪᠦᠷᠢᠯᠡᠬᠦ ᠶᠢ ᠲᠦᠷᠭᠡᠳᠬᠡᠨ ᠠᠬᠢᠭᠤᠯᠵᠤ᠂ ᠪᠠᠷᠠᠭᠠᠨ ᠤ ᠭᠦᠢᠯᠭᠡᠭᠡᠨ ᠤ ᠥᠪᠡᠷ ᠤᠨ ᠥᠷᠲᠡᠭ ᠢ ᠨᠢ ᠪᠠᠭᠤᠷᠠᠭᠤᠯᠤᠨ᠂ ᠠᠵᠤ ᠠᠬᠤᠶᠢᠯᠠᠯ ᠢ ᠲᠡᠳᠬᠦᠨ᠂ ᠡᠵᠡᠩᠨᠡᠯᠲᠡ ᠶᠢᠨ ᠪᠠᠶᠢᠳᠠᠯ ᠢ ᠨᠢ ᠬᠥᠭᠵᠢᠭᠦᠯᠬᠦ ᠮᠥᠷᠲᠡᠭᠡᠨ ᠠᠵᠢᠯ ᠣᠯᠭᠤᠯᠲᠠ ᠶᠢ ᠳᠠᠶᠢᠴᠢᠯᠠᠨ᠂ ᠣᠷᠣᠯᠭ᠎ᠠ ᠶᠢ ᠨᠢ ᠳᠡᠭᠡᠭᠰᠢᠯᠡᠭᠦᠯᠦᠨ᠎ᠡ᠃ ᠮᠥᠩᠭᠦᠨ ᠭᠦᠢᠯᠭᠡᠭᠡ ᠪᠣᠯ ᠪᠣᠳᠠᠲᠤ ᠴᠣᠭᠴᠠ ᠶᠢᠨ ᠠᠵᠤ ᠠᠬᠤᠢ ᠶᠢᠨ ᠠᠮᠢᠨ ᠰᠤᠳᠠᠰᠤ᠂ ᠪᠣᠳᠠᠲᠤ ᠴᠣᠭᠴᠠ ᠶᠢᠨ ᠠᠵᠤ ᠠᠬᠤᠢ ᠳᠤ ᠦᠢᠯᠡᠴᠢᠯᠡᠬᠦ ᠪᠣᠯ ᠮᠥᠩᠭᠦᠨ ᠭᠦᠢᠯᠭᠡᠭᠡᠨ ᠤ ᠳᠠᠷᠬᠠᠨ ᠡᠭᠦᠷᠭᠡ ᠮᠥᠨ᠂ ᠮᠥᠩᠭᠦᠨ ᠭᠦᠢᠯᠭᠡᠭᠡᠨ ᠤ ᠦᠢᠯᠡᠰ ᠲᠤ ᠲᠣᠬᠢᠶᠠᠯᠳᠤᠭᠰᠠᠨ ᠴᠢᠬᠤᠯᠠ ᠶᠡᠭᠡ ᠬᠥᠭᠵᠢᠯᠲᠡ ᠶᠢᠨ ᠠᠵᠠ ᠲᠣᠬᠢᠶᠠᠯ ᠢ ᠴᠢᠩᠭ᠎ᠠ ᠠᠳᠬᠤᠵᠤ ᠪᠠᠶᠢᠭᠠᠳ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠮᠥᠩᠭᠦᠨ ᠭᠦᠢᠯᠭᠡᠭᠡ᠂ ᠪᠣᠬᠢᠷᠳᠤᠯ ᠦᠭᠡᠢ ᠮᠥᠩᠭᠦᠨ ᠭᠦᠢᠯᠭᠡᠭᠡ᠂ ᠲᠦᠭᠡᠮᠡᠯ ᠬᠠᠷᠠᠭᠠᠯᠵᠠᠯᠲᠤ ᠮᠥᠩᠭᠦᠨ ᠭᠦᠢᠯᠭᠡᠭᠡ᠂ ᠨᠠᠰᠤᠵᠢᠯ ᠤᠨ ᠠᠰᠠᠷᠠᠮᠵᠢ ᠶᠢᠨ ᠮᠥᠩᠭᠦᠨ ᠭᠦᠢᠯᠭᠡᠭᠡ᠂ ᠲᠣᠭᠠᠵᠢᠯᠲᠣ ᠮᠥᠩᠭᠦᠨ ᠭᠦᠢᠯᠭᠡᠭᠡ ᠲᠠᠪᠤᠨ ᠲᠣᠮᠣ ᠲᠦᠷᠦᠯ ᠢ ᠬᠦᠴᠦ ᠣᠷᠣᠭᠤᠯᠤᠨ ᠰᠠᠶᠢᠲᠤᠷ ᠬᠢᠵᠦ᠂ ᠲᠦᠷᠦᠯ ᠵᠦᠢᠯ ᠤᠨ ᠪᠡᠯᠡ ᠲᠣᠬᠢᠷᠠᠭᠤᠯᠬᠤ ᠠᠷᠭ᠎ᠠ ᠵᠠᠮ ᠢ ᠤᠯᠠᠮ ᠨᠢᠭᠡ ᠠᠯᠬᠤᠮ ᠰᠢᠯᠤᠭᠤᠳᠬᠠᠵᠤ᠂ ᠮᠥᠩᠭᠦᠨ ᠭᠦᠢᠯᠭᠡᠭᠡᠨ ᠤ ᠪᠠᠶᠢᠭᠤᠯᠤᠮᠵᠢ ᠶᠢ ᠬᠥᠲᠥᠯᠥᠨ ᠵᠢᠯᠤᠭᠤᠳᠴᠤ ᠪᠠᠶᠢᠭᠠᠳ ︽ᠲᠠᠪᠤᠨ ᠶᠡᠭᠡ ᠡᠭᠦᠷᠭᠡ︾᠂ ︽ᠵᠢᠷᠭᠤᠭᠠᠨ ᠢᠨᠵᠧᠨᠧᠷᠢᠩ︾ ᠢ ᠳᠡᠮᠵᠢᠬᠦ ᠡᠷᠴᠢᠮ ᠢ ᠨᠢ ᠴᠢᠩᠭᠠᠷᠠᠭᠤᠯᠵᠤ᠂ ᠠᠵᠤ ᠦᠢᠯᠡᠰ ᠤᠨ ᠪᠡᠯᠡ ᠣᠷᠤᠭᠤᠯᠤᠯᠲᠠ ᠶᠢᠨ ᠰᠠᠭᠤᠷᠢ ᠮᠥᠩᠭᠦᠨ ᠤ ᠴᠢᠳᠠᠮᠵᠢ ᠶᠢ ᠡᠮᠬᠢᠯᠡᠨ ᠨᠡᠶᠢᠯᠡᠭᠦᠯᠵᠦ ᠰᠢᠯᠢᠳᠡᠭᠵᠢᠭᠦᠯᠦᠨ᠂ ᠬᠦᠬᠡᠬᠤᠲᠠ ᠶᠢᠨ ᠣᠷᠣᠨ ᠪᠦᠰᠡ ᠶᠢᠨ ᠴᠢᠨᠠᠷᠲᠠᠢ ᠮᠥᠩᠭᠦᠨ ᠭᠦᠢᠯᠭᠡᠭᠡᠨ ᠤ ᠲᠥᠪ ᠢ ᠬᠦᠴᠦᠨ ᠢᠶᠠᠨ ᠲᠥᠪᠯᠡᠷᠡᠭᠦᠯᠦᠨ ᠴᠣᠭᠴᠠᠯᠠᠵᠤ᠂ ᠠᠵᠤ ᠠᠬᠤᠶᠢᠯᠠᠯ ᠢ ᠰᠲ᠋ᠣᠺ ᠤᠨ ᠵᠠᠬ᠎ᠠ ᠳᠤ ᠭᠠᠷᠭᠠᠬᠤ ︽ᠲᠢᠶᠠᠨ ᠵᠢᠶᠦ᠋ᠨ ᠲᠥᠯᠥᠪᠯᠡᠭᠡ︾ ᠶᠢ ᠭᠦᠨᠵᠡᠭᠡᠢ ᠬᠡᠷᠡᠭᠵᠢᠭᠦᠯᠦᠨ᠂ ᠠᠵᠤ ᠠᠬᠤᠶᠢᠯᠠᠯ ᠢ ᠣᠯᠠᠨ ᠳᠡᠰ ᠳᠠᠪᠬᠤᠷᠭ᠎ᠠ ᠶᠢᠨ ᠬᠥᠷᠥᠩᠭᠡ ᠶᠢᠨ ᠵᠠᠬ᠎ᠠ ᠳᠡᠯᠭᠡᠭᠦᠷ ᠯᠦᠭᠡ ᠵᠠᠯᠭᠠᠯᠳᠤᠭᠤᠯᠬᠤ ᠪᠠ ᠣᠯᠠᠨ ᠡᠰᠢᠵᠢᠭᠰᠡᠨ ᠪᠡᠯᠡ ᠲᠣᠬᠢᠷᠠᠭᠤᠯᠬᠤ ᠠᠵᠢᠯ ᠥᠷᠨᠢᠭᠦᠯᠬᠦ ᠶᠢ ᠨᠢ ᠪᠦᠬᠦ ᠬᠦᠴᠦᠨ ᠢᠶᠠᠷ ᠢᠶᠠᠨ ᠠᠬᠢᠭᠤᠯᠵᠤ᠂ ᠮᠥᠩᠭᠦᠨ ᠭᠦᠢᠯᠭᠡᠭᠡᠨ ᠤ ᠡᠬᠢ ᠪᠠᠶᠠᠯᠢᠭ ᠢ ᠳᠦᠬᠦᠷᠵᠢᠭᠦᠯᠦᠨ ᠲᠣᠬᠢᠷᠠᠭᠤᠯᠬᠤ ᠠᠰᠢᠭᠯᠠᠮᠵᠢ ᠪᠣᠯᠣᠨ ᠴᠢᠳᠠᠪᠤᠷᠢ ᠶᠢ ᠨᠢ ᠳᠡᠭᠡᠭᠰᠢᠯᠡᠭᠦᠯᠦᠨ᠂ ᠮᠥᠩᠭᠦᠨ ᠭᠦᠢᠯᠭᠡᠭᠡᠨ ᠤ ᠦᠢᠯᠡᠰ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠤᠨ᠎ᠠ᠃       ︵ᠵᠢᠷᠭᠤᠭ᠎ᠠ︶ ᠭᠤᠶᠢᠪᠢᠰᠢ ᠦᠭᠡᠢ ᠪᠠᠷ ᠥᠭᠡᠷᠡᠴᠢᠯᠡᠯᠲᠡ ᠶᠢ ᠭᠦᠨᠵᠡᠭᠡᠶᠢᠷᠡᠭᠦᠯᠦᠨ᠂ ᠨᠡᠭᠡᠭᠡᠯᠲᠡ ᠬᠢᠬᠦ ᠶᠢ ᠥᠷᠭᠡᠳᠬᠡᠨ᠎ᠡ᠃ ᠣᠳᠣᠬᠢ ᠥᠪᠥᠷ ᠮᠣᠩᠭᠤᠯ ᠳᠤ ᠠᠪᠴᠤ ᠬᠡᠯᠡᠪᠡᠯ ᠤᠯᠠᠮ ᠨᠢᠭᠡ ᠠᠯᠬᠤᠮ ᠦᠵᠡᠯ ᠰᠠᠨᠠᠭ᠎ᠠ ᠪᠠᠨ ᠴᠢᠯᠦᠭᠡᠯᠡᠬᠦ᠂ ᠥᠭᠡᠷᠡᠴᠢᠯᠡᠯᠲᠡ ᠨᠡᠭᠡᠭᠡᠯᠲᠡ ᠬᠢᠬᠦ ᠪᠠ ᠤᠯᠠᠮ ᠨᠢᠭᠡ ᠠᠯᠬᠤᠮ ᠵᠠᠬ᠎ᠠ ᠳᠡᠯᠭᠡᠭᠦᠷ ᠤᠨ ᠠᠮᠢᠵᠢᠷᠠᠯ ᠤᠨ ᠬᠦᠴᠦᠨ᠂ ᠨᠡᠶᠢᠭᠡᠮ ᠤᠨ ᠡᠭᠦᠳᠦᠨ ᠪᠦᠲᠦᠭᠡᠬᠦ ᠴᠢᠳᠠᠪᠤᠷᠢ ᠶᠢ ᠬᠥᠭᠵᠢᠭᠡᠬᠦ ᠶᠢ ᠥᠩᠭᠡᠷᠡᠭᠰᠡᠨ ᠤ ᠠᠯᠢ ᠴᠤ ᠴᠠᠭ ᠦᠶ᠎ᠡ ᠠᠴᠠ ᠢᠯᠡᠭᠦᠦ ᠲᠤᠯᠭᠠᠮ ᠱᠠᠭᠠᠷᠳᠠᠵᠤ ᠪᠠᠶᠢᠨ᠎ᠠ᠃       ᠦᠵᠡᠯᠲᠡ ᠪᠠᠨ ᠬᠤᠪᠢᠷᠠᠭᠤᠯᠬᠤ᠂ ᠬᠥᠭᠵᠢᠯᠲᠡ ᠶᠢᠨ ᠣᠷᠴᠢᠨ ᠨᠥᠬᠦᠴᠡᠯ ᠢ ᠰᠢᠯᠢᠳᠡᠭᠵᠢᠭᠦᠯᠬᠦ ᠲᠠᠯ᠎ᠠ ᠪᠠᠷ ᠵᠣᠷᠢᠭᠲᠠᠢ ᠬᠢᠵᠦ ᠠᠵᠢᠯᠯᠠᠬᠤ ᠬᠡᠷᠡᠭᠲᠡᠢ᠃ ᠣᠳᠣ ᠮᠠᠨ ᠤ ᠣᠷᠣᠨ ᠤ ᠬᠥᠭᠵᠢᠯᠲᠡ ᠶᠢᠨ ᠪᠠᠶᠢᠳᠠᠯ ᠨᠡᠯᠢᠶᠡᠳ ᠰᠠᠶᠢᠨ ᠪᠠᠶᠢᠵᠤ᠂ ᠨᠡᠶᠢᠭᠡᠮ ᠳᠠᠶᠠᠭᠠᠷ ᠤᠨ ᠴᠥᠭᠡᠨ ᠪᠤᠰᠤ ᠮᠠᠭᠲᠠᠭᠠᠯ ᠰᠠᠶᠢᠰᠢᠶᠠᠯ ᠢ ᠣᠯᠪᠠ᠂ ᠭᠡᠪᠡᠴᠦ ᠴᠢᠨᠠᠷ ᠰᠠᠶᠢᠲᠠᠢ ᠬᠥᠭᠵᠢᠯᠲᠡ ᠶᠢ ᠦᠷᠭᠦᠯᠵᠢᠯᠡᠨ ᠠᠬᠢᠭᠤᠯᠬᠤ ᠭᠡᠪᠡᠯ ᠡᠷᠬᠡᠪᠰᠢ ᠦᠵᠡᠯᠲᠡ ᠪᠠᠨ ᠬᠤᠪᠢᠷᠠᠭᠤᠯᠬᠤ ᠲᠠᠯ᠎ᠠ ᠪᠠᠷ ᠪᠠᠰᠠ ᠬᠦᠴᠦ ᠣᠷᠤᠭᠤᠯᠬᠤ ᠬᠡᠷᠡᠭᠲᠡᠢ᠃ ᠪᠦᠬᠦ ᠤᠯᠤᠰ ᠤᠨ ᠲᠡᠷᠢᠭᠦᠨ ᠤ ᠬᠢ ᠲᠠᠢ ᠵᠣᠷᠢᠭᠲᠠᠢ ᠪᠠᠷ ᠬᠠᠷᠢᠴᠠᠭᠤᠯᠵᠤ᠂ ᠵᠣᠷᠢᠭᠲᠠᠢ ᠰᠤᠷᠤᠯᠴᠠᠨ ᠲᠣᠯᠢᠳᠠᠵᠤ᠂ ᠬᠥᠭᠵᠢᠭᠰᠡᠨ ᠭᠠᠵᠠᠷ ᠣᠷᠣᠨ ᠤ ᠬᠢᠨ ᠬᠢᠵᠦ ᠳᠡᠶᠢᠯᠬᠦ ᠪᠦᠬᠦᠨ ᠢ ᠪᠢᠳᠡ ᠪᠠᠰᠠ ᠬᠢᠵᠦ ᠳᠡᠶᠢᠯᠬᠦ ᠶᠣᠰᠣᠲᠠᠢ᠂ ᠣᠷᠣᠨ ᠳᠠᠶᠠᠭᠠᠷ ᠢᠶᠠᠨ ᠬᠦᠴᠦ ᠪᠠᠨ ᠬᠠᠮᠲᠤᠳᠬᠠᠨ᠂ ︽ᠪᠡᠯᠡ ᠣᠷᠣᠭᠤᠯᠤᠯᠲᠠ ᠶᠢᠨ ᠥᠪᠥᠷ ᠮᠣᠩᠭᠤᠯ︾ ᠨᠡᠷᠡᠲᠦ ᠲᠡᠮᠳᠡᠭ ᠢ ᠬᠠᠮᠲᠤ ᠪᠠᠷ ᠴᠢᠷᠮᠠᠶᠢᠨ ᠠᠯᠳᠠᠷᠰᠢᠭᠤᠯᠤᠨ᠎ᠠ᠃ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠠᠴᠠ ᠢᠲᠡᠭᠡᠮᠵᠢ ᠶᠢᠨ ᠪᠠᠶᠢᠭᠤᠯᠤᠯᠲᠠ ᠶᠢᠨ ᠢᠨᠵᠧᠨᠧᠷᠢᠩ ᠢ ᠳᠤᠷᠠᠳᠴᠤ᠂ ᠡᠯ᠎ᠡ ᠱᠠᠲᠤᠨ ᠤ ᠵᠠᠰᠠᠭ ᠤᠨ ᠣᠷᠳᠣᠨ ᠲᠦᠷᠦᠭᠦᠯᠡᠨ ᠢᠲᠡᠭᠡᠮᠵᠢ ᠶᠢ ᠡᠷᠬᠢᠮᠯᠡᠨ᠂ ᠬᠡᠯᠡᠭᠰᠡᠨ ᠳᠤ ᠪᠠᠨ ᠰᠠᠭᠤᠵᠤ᠂ ᠬᠤᠳᠠᠯᠳᠤᠭᠠᠴᠢᠨ ᠤᠷᠢᠵᠤ ᠪᠡᠯᠡ ᠣᠷᠤᠭᠤᠯᠬᠤ ᠳᠤ ᠠᠮᠠᠯᠳᠠᠭᠰᠠᠨ ᠵᠦᠢᠯ ᠢᠶᠠᠨ ᠡᠰᠡ ᠪᠡᠶᠡᠯᠡᠭᠦᠯᠬᠦ᠂ ᠠᠵᠤ ᠠᠬᠤᠶᠢᠯᠠᠯ ᠳᠤ ᠬᠠᠷᠠᠭᠠᠯᠵᠠᠯ ᠦᠵᠡᠭᠦᠯᠬᠦ ᠲᠥᠷᠥ ᠶᠢᠨ ᠪᠣᠳᠣᠯᠭ᠎ᠠ ᠪᠠᠨ ᠡᠰᠡ ᠪᠣᠳᠠᠲᠠᠶᠢᠵᠢᠭᠤᠯᠬᠤ ᠵᠡᠷᠭᠡ ᠦᠢᠯᠡ ᠠᠵᠢᠯᠯᠠᠭ᠎ᠠ ᠶᠢ ᠡᠷᠡᠰ ᠵᠠᠰᠠᠵᠤ ᠵᠠᠯᠠᠷᠠᠭᠤᠯᠤᠨ᠂ ᠥᠪᠥᠷ ᠮᠣᠩᠭᠤᠯ ᠳᠤ ᠠᠵᠢᠯ ᠶᠠᠪᠤᠳᠠᠯ ᠭᠦᠢᠴᠡᠳᠬᠡᠬᠦ ᠳᠤ ︽ᠳᠦᠷᠢᠮ ᠢ ᠦᠨᠳᠦᠰᠦᠯᠡᠬᠦ ᠠᠴᠠ ᠪᠢᠰᠢ ᠬᠠᠷᠢᠴᠠᠭ᠎ᠠ ᠳᠤ ᠲᠦᠰᠢᠭᠯᠡᠬᠦ ᠦᠭᠡᠢ︾ ᠨᠡᠶᠢᠭᠡᠮ ᠤᠨ ᠣᠷᠴᠢᠨ ᠠᠬᠤᠢ ᠲᠠᠢ᠂ ᠲᠦᠷᠦᠯ ᠵᠦᠢᠯ ᠣᠷᠤᠭᠤᠯᠬᠤ ᠳᠤ ︽ᠠᠮᠠᠯᠠᠯᠲᠠ ᠶᠢᠨ ᠳᠦᠷᠢᠮ + ᠪᠦᠬᠦᠨ ᠢ ᠣᠷᠣᠯᠠᠨ ᠭᠦᠢᠴᠡᠳᠬᠡᠬᠦ︾ ᠰᠢᠯᠢᠳᠡᠭ ᠦᠢᠯᠡᠴᠢᠯᠡᠭᠡ ᠲᠠᠢ᠂ ︽ᠰᠢᠨ᠎ᠡ ᠲᠤᠰᠢᠶᠠᠯᠲᠠᠨ ᠨᠢ ᠴᠦ ᠬᠠᠭᠤᠴᠢᠨ ᠳᠠᠩᠰᠠ ᠶᠢ ᠬᠠᠮᠢᠶᠠᠷᠬᠤ︾ ᠢᠷᠡᠭᠡᠳᠦᠢ ᠶᠢᠨ ᠲᠣᠭᠲᠠᠭᠤᠨ ᠵᠢᠱᠢᠯᠲᠡ ᠲᠠᠢ ᠪᠣᠯᠭᠠᠵᠤ᠂ ᠬᠤᠳᠠᠯᠳᠤᠭᠠᠴᠢᠨ ᠢ ᠰᠠᠨᠠᠭ᠎ᠠ ᠠᠮᠤᠷ ᠪᠠᠶᠢᠯᠭᠠᠬᠤ ᠬᠤᠳᠠᠯᠳᠤᠭᠠᠴᠢᠨ ᠢ ᠳᠣᠲᠣᠨᠣᠴᠢᠯᠠᠬᠤ ᠬᠤᠳᠠᠯᠳᠤᠭᠠᠴᠢᠨ ᠢ ᠪᠠᠶᠠᠵᠢᠭᠤᠯᠬᠤ ᠶᠢ ᠤᠮᠠᠷᠠᠲᠤ ᠬᠢᠯᠢ ᠣᠷᠣᠨ ᠳᠤ ᠠᠮᠢᠳᠤᠯᠢᠭ ᠪᠣᠳᠠᠲᠤ ᠠᠬᠤᠢ ᠪᠣᠯᠭᠠᠨ᠎ᠠ᠃ ᠵᠠᠰᠠᠭ ᠤᠨ ᠣᠷᠳᠣᠨ ᠤ ᠦᠢᠯᠡᠴᠢᠯᠡᠭᠡᠨ ᠤ ᠬᠦᠴᠦᠨ ᠴᠢᠳᠠᠪᠤᠷᠢ ᠶᠢ ᠬᠦᠴᠦᠯᠡᠨ ᠳᠡᠭᠡᠭᠰᠢᠯᠡᠭᠦᠯᠵᠦ᠂ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ ᠰᠢᠯᠢᠳᠡᠭᠵᠢᠭᠦᠯᠬᠦ 4.0 ᠪᠠᠷᠯᠠᠯ ᠤᠨ ᠲᠥᠰᠥᠯ ᠢ ᠨᠡᠶᠢᠲᠡᠯᠡᠵᠦ᠂ ᠪᠦᠬᠦ ᠣᠷᠣᠨ ᠤ ᠨᠢᠭᠡ ᠴᠣᠭᠴᠠᠵᠢᠭᠤᠯᠤᠭᠰᠠᠨ ᠳ᠋ᠠᠶᠢᠲ᠋ᠠ ᠶᠢᠨ ᠲᠠᠪᠴᠠᠩ ᠤᠨ ᠪᠠᠶᠢᠭᠤᠯᠤᠯᠲᠠ ᠶᠢ ᠲᠦᠷᠭᠡᠳᠬᠡᠨ᠂ ︽ᠥᠨᠳᠥᠷ ᠪᠦᠲᠦᠮᠵᠢᠲᠡᠢ ᠪᠠᠷ ᠨᠢᠭᠡ ᠶᠠᠪᠤᠳᠠᠯ ᠢ ᠭᠦᠢᠴᠡᠳᠬᠡᠬᠦ︾ ᠶᠢᠨ 13 ᠢᠵᠢ ᠦᠢᠯᠡᠴᠢᠯᠡᠭᠡ ᠭᠠᠷᠭᠠᠵᠤ᠂ ︽ᠪᠦᠬᠦ ᠣᠷᠣᠨ ᠳᠤ ᠨᠡᠶᠢᠳᠡᠮ ᠭᠦᠢᠴᠡᠳᠬᠡᠬᠦ︾ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠵᠦᠢᠯᠡᠰ ᠢ 150 ᠵᠦᠢᠯ ᠰᠢᠨ᠎ᠡ ᠪᠠᠷ ᠨᠡᠮᠡᠭᠳᠡᠭᠦᠯᠦᠨ᠎ᠡ︔ ᠡᠯ᠎ᠡ ᠱᠠᠲᠤᠨ ᠤ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠢᠩᠬᠢᠮ ᠤᠨ ᠲᠤᠬᠠᠶᠢᠯᠠᠭᠰᠠᠨ ᠠᠵᠢᠯ ᠤᠨ ᠭᠤᠣᠯᠯᠠᠬᠤ ᠬᠦᠴᠦᠨ ᠪᠠ ᠣᠷᠣᠯᠠᠨ ᠭᠦᠢᠴᠡᠳᠬᠡᠬᠦ ᠦᠢᠯᠡᠴᠢᠯᠡᠭᠡᠨ ᠤ ᠬᠦᠴᠦᠨ ᠢ ᠲᠡᠭᠦᠯᠳᠡᠷᠵᠢᠭᠦᠯᠵᠦ ᠂ ᠠᠵᠢᠯ ᠶᠠᠪᠤᠳᠠᠯ ᠭᠦᠢᠴᠡᠳᠬᠡᠬᠦ ᠦᠷ᠎ᠡ ᠪᠦᠲᠦᠮᠵᠢ ᠪᠠ ᠲᠤᠰᠬᠠᠶᠢᠵᠢᠭᠰᠠᠨ ᠲᠦᠪᠰᠢᠨ ᠢ ᠪᠦᠬᠦ ᠲᠠᠯ᠎ᠠ ᠪᠠᠷ ᠳᠡᠭᠡᠭᠰᠢᠯᠡᠭᠦᠯᠦᠨ᠎ᠡ᠃        ᠠᠵᠤ ᠠᠬᠤᠶᠢᠯᠠᠯ ᠤᠨ ᠬᠥᠭᠵᠢᠯᠲᠡ ᠶᠢ ᠳᠡᠮᠵᠢᠬᠦ ᠲᠠᠯ᠎ᠠ ᠪᠠᠷ ᠵᠣᠷᠢᠭᠲᠠᠢ ᠬᠠᠷᠢᠭᠤᠴᠠᠯᠭ᠎ᠠ ᠡᠭᠦᠷᠭᠡᠯᠡᠬᠦ ᠬᠡᠷᠡᠭᠲᠡᠢ᠃ ᠡᠯ᠎ᠡ ᠲᠦᠷᠦᠯ ᠤᠨ ᠠᠵᠤ ᠠᠬᠤᠶᠢᠯᠠᠯ ᠤᠨ ᠥᠪᠥᠷ ᠮᠣᠩᠭᠤᠯ ᠳᠤ ᠥᠷᠨᠢᠩᠭᠦᠢ ᠪᠠᠷ ᠬᠥᠭᠵᠢᠬᠦ ᠶᠢ ᠳᠡᠮᠵᠢᠬᠦ ᠨᠢ ᠡᠯ᠎ᠡ ᠱᠠᠲᠤᠨ ᠤ ᠵᠠᠰᠠᠭ ᠤᠨ ᠣᠷᠳᠣᠨ ᠤ ᠡᠭᠦᠷᠭᠡ ᠬᠠᠷᠢᠭᠤᠴᠠᠯᠭ᠎ᠠ᠂ ᠤᠯᠤᠰ ᠤᠨ ᠥᠮᠴᠢᠯᠡᠯᠲᠦ ᠠᠵᠤ ᠠᠬᠤᠶᠢᠯᠠᠯ᠂ ᠠᠷᠠᠳ ᠠᠴᠠ ᠡᠵᠡᠩᠨᠡᠭᠰᠡᠨ ᠠᠵᠤ ᠠᠬᠤᠶᠢᠯᠠᠯ᠂ ᠭᠠᠳᠠᠭᠠᠳᠤ ᠪᠡᠯᠡ ᠶᠢᠨ ᠠᠵᠤ ᠠᠬᠤᠶᠢᠯᠠᠯ ᠠᠯᠢ ᠨᠢ ᠴᠦ ᠭᠡᠰᠡᠨ ᠦᠭᠡᠢ᠂ ᠬᠦᠴᠢᠷᠳᠡᠯ ᠲᠤᠯᠭᠠᠷᠠᠪᠠᠯ ᠪᠢᠳᠡ ᠪᠦᠷ ᠴᠢᠳᠠᠯ ᠤᠨ ᠬᠢᠷᠢ ᠪᠠᠷ ᠢᠶᠠᠨ ᠬᠠᠪᠰᠤᠷᠴᠤ᠂ ᠠᠰᠠᠭᠤᠳᠠᠯ ᠲᠣᠬᠢᠶᠠᠯᠳᠤᠪᠠᠯ ᠪᠢᠳᠡ ᠪᠦᠷ ᠦᠨᠡᠨ ᠪᠣᠳᠠᠲᠠᠢ ᠰᠢᠢᠳᠪᠦᠷᠢᠯᠡᠵᠦ ᠥᠭᠬᠦ ᠬᠡᠷᠡᠭᠲᠡᠢ᠃ ᠤᠯᠤᠰ ᠤᠨ ᠥᠮᠴᠢᠯᠡᠯᠲᠦ ᠠᠵᠤ ᠠᠬᠤᠶᠢᠯᠠᠯ ᠤᠨ ᠰᠢᠨ᠎ᠡ ᠨᠢᠭᠡ ᠡᠭᠡᠯᠵᠢ ᠶᠢᠨ ᠥᠭᠡᠷᠡᠴᠢᠯᠡᠯᠲᠡ ᠶᠢᠨ ︽ᠪᠦᠰᠡᠯᠡᠯᠲᠡ ᠰᠢᠪᠲᠤᠯᠬᠤ︾ ᠠᠵᠢᠯᠯᠠᠭᠠᠨ ᠢ ᠥᠷᠨᠢᠭᠦᠯᠵᠦ᠂ ᠪᠤᠭᠤᠲᠤ ᠶᠢᠨ ᠪᠣᠯᠣᠳ ᠲᠡᠮᠦᠷ᠂ ᠴᠠᠬᠢᠯᠭᠠᠨ ᠬᠦᠴᠦᠨ᠂ ᠥᠪᠥᠷ ᠮᠣᠩᠭᠤᠯ ᠤᠨ ᠡᠨᠧᠷᠬᠢ᠂ ᠵᠠᠮ ᠬᠠᠷᠢᠯᠴᠠᠭ᠎ᠠ᠂ ᠣᠢ ᠰᠢᠭᠤᠢ ᠶᠢᠨ ᠠᠵᠤ ᠦᠢᠯᠡᠳᠪᠦᠷᠢ᠂ ᠣᠯᠠᠨ ᠤᠯᠤᠰ ᠤᠨ ᠠᠷᠠᠯᠵᠢᠶ᠎ᠠ᠂ ᠣᠢ ᠰᠢᠭᠤᠢ ᠨᠤᠲᠤᠭ ᠪᠡᠯᠴᠢᠭᠡᠷ᠂ ᠰᠣᠶᠣᠯ ᠵᠢᠭᠤᠯᠴᠢᠯᠠᠯ ᠵᠡᠷᠭᠡ ᠨᠢᠷᠤᠭᠤᠪᠴᠢ ᠠᠵᠤ ᠠᠬᠤᠶᠢᠯᠠᠯ ᠢ ᠪᠤᠵᠠᠭᠠᠶᠢᠷᠠᠭᠤᠯᠤᠨ ᠰᠢᠯᠢᠳᠡᠭᠵᠢᠭᠦᠯᠵᠦ ᠬᠦᠴᠦᠷᠬᠡᠭᠵᠢᠭᠦᠯᠬᠦ ᠶᠢ ᠠᠬᠢᠭᠤᠯᠵᠤ᠂ ᠭᠠᠵᠠᠷ ᠰᠢᠨᠵᠢᠯᠡᠭᠡ ᠠᠭᠤᠷᠬᠠᠢ ᠶᠢᠨ ᠭᠠᠷᠤᠯᠲᠠ᠂ ᠨᠡᠭᠦᠷᠡᠰᠦᠨ ᠠᠭᠤᠷᠬᠠᠢ ᠶᠢᠨ ᠬᠠᠶᠢᠨ ᠪᠠᠶᠢᠴᠠᠭᠠᠯᠲᠠ᠂ ᠥᠩᠭᠡᠲᠦ ᠲᠡᠮᠦᠷᠯᠢᠭ ᠤᠨ ᠠᠵᠤ ᠠᠬᠤᠶᠢᠯᠠᠯ ᠤᠨ ᠥᠭᠡᠷᠡᠴᠢᠯᠡᠯᠲᠡ ᠬᠢᠵᠦ ᠳᠠᠬᠢᠨ ᠵᠣᠬᠢᠶᠠᠨ ᠪᠠᠶᠢᠭᠤᠯᠬᠤ ᠶᠢ ᠲᠦᠷᠭᠡᠳᠬᠡᠨ᠂ ᠠᠶᠢᠮᠠᠭ ᠬᠤᠲᠠ᠂ ᠬᠤᠰᠢᠭᠤ ᠰᠢᠶᠠᠨ ᠤ ᠤᠯᠤᠰ ᠤᠨ ᠥᠮᠴᠢᠯᠡᠯᠲᠦ ᠠᠵᠤ ᠠᠬᠤᠶᠢᠯᠠᠯ ᠤᠨ ᠥᠭᠡᠷᠡᠴᠢᠯᠡᠯᠲᠡ ᠶᠢ ᠨᠢᠭᠡᠳᠦᠯᠲᠡᠢ ᠲᠥᠯᠥᠪᠯᠡᠨ ᠠᠬᠢᠭᠤᠯᠵᠤ᠂ ᠠᠯᠳᠠᠭᠳᠠᠯ ᠲᠠᠢ ᠠᠵᠤ ᠠᠬᠤᠶᠢᠯᠠᠯ ᠢ ᠪᠤᠴᠠᠭᠠᠨ ᠭᠠᠷᠭᠠᠬᠤ ᠲᠣᠭᠲᠠᠴᠠ ᠶᠢ ᠪᠠᠶᠢᠭᠤᠯᠵᠤ᠂ ᠨᠡᠩ ᠣᠯᠠᠨ ᠤᠯᠤᠰ ᠤᠨ ᠥᠮᠴᠢᠯᠡᠯᠲᠦ ᠠᠵᠤ ᠠᠬᠤᠶᠢᠯᠠᠯ ᠤᠨ ᠰᠢᠨ᠎ᠡ ᠠᠮᠢᠵᠢᠷᠠᠯ ᠤᠨ ᠬᠦᠴᠦᠨ ᠢ ᠨᠢ ᠬᠥᠭᠵᠢᠭᠡᠨ ᠥᠷᠢᠰᠦᠯᠳᠦᠬᠦ ᠬᠦᠴᠦᠨ ᠢ ᠨᠢ ᠳᠡᠭᠡᠭᠰᠢᠯᠡᠭᠦᠯᠦᠨ᠎ᠡ᠃ ᠠᠷᠠᠳ ᠠᠴᠠ ᠡᠵᠡᠩᠨᠡᠭᠰᠡᠨ ᠠᠵᠤ ᠠᠬᠤᠢ ᠶᠢᠨ ᠬᠥᠭᠵᠢᠯᠲᠡ ᠶᠢ ᠴᠢᠩ ᠰᠡᠳᠬᠢᠯ ᠠᠴᠠ ᠪᠠᠨ ᠳᠡᠮᠵᠢᠵᠦ᠂ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠪᠠ ᠤᠯᠤᠰ ᠤᠨ ᠥᠮᠴᠢᠯᠡᠯᠲᠦ ᠠᠵᠤ ᠠᠬᠤᠶᠢᠯᠠᠯ ᠳᠤ ᠠᠳᠠᠯᠢᠬᠠᠨ ᠬᠠᠨᠳᠤᠵᠤ᠂ ᠡᠯ᠎ᠡ ᠵᠦᠢᠯ ᠤᠨ ᠲᠥᠷᠥ ᠶᠢᠨ ᠪᠣᠳᠣᠯᠭ᠎ᠠ ᠶᠢ ᠬᠠᠮᠤᠭ ᠤᠨ ᠥᠨᠳᠥᠷ ᠪᠠᠷᠢᠮᠵᠢᠶ᠎ᠠ ᠪᠠᠷ ᠨᠠᠶᠢᠳᠠᠪᠤᠷᠢᠵᠢᠭᠤᠯᠵᠤ᠂ ᠵᠠᠰᠠᠭ ᠤᠨ ᠣᠷᠳᠣᠨ ᠬᠤᠳᠠᠯᠳᠤᠨ ᠠᠪᠬᠤ ᠳᠤ ᠪᠠᠨ ᠵᠣᠬᠢᠬᠤ ᠬᠠᠷᠢᠴᠠᠯ ᠤᠨ ᠲᠤᠭ᠎ᠠ ᠨᠣᠷᠮ᠎ᠠ ᠶᠢ ᠲᠤᠰᠬᠠᠶᠢᠯᠠᠨ ᠳᠤᠮᠳᠠ ᠵᠢᠵᠢᠭ ᠠᠵᠤ ᠠᠬᠤᠶᠢᠯᠠᠯ ᠳᠤ ᠬᠠᠨᠳᠤᠭᠤᠯᠤᠨ᠂ ᠥᠷᠢᠲᠦᠵᠦ ᠪᠠᠶᠢᠭ᠎ᠠ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠳᠠᠩᠰᠠᠨ ᠳᠠᠬᠢ ᠵᠣᠭᠤᠰ ᠢ ᠪᠠᠶᠢᠩᠭᠤᠵᠢᠭᠤᠯᠤᠭᠰᠠᠨ ᠲᠣᠭᠲᠠᠴᠠ ᠪᠠᠶᠢᠭᠤᠯᠵᠤ ᠪᠠᠶᠢᠭᠠᠳ ᠲᠥᠯᠥᠵᠦ ᠳᠠᠭᠤᠰᠬᠠᠨ᠂ ᠤᠳᠠᠭᠠᠨ ᠥᠷᠢᠲᠦᠵᠦ ᠤᠳᠠᠭᠠᠰᠢᠷᠠᠭᠤᠯᠤᠨ ᠰᠢᠢᠳᠪᠦᠷᠢᠯᠡᠬᠦ ᠦᠭᠡᠢ ᠪᠠᠶᠢᠭ᠎ᠠ ᠨᠢᠭᠡ ᠪᠦᠯᠦᠭ ᠠᠵᠤ ᠠᠬᠤᠶᠢᠯᠠᠯ ᠳᠤ ᠬᠤᠯᠪᠣᠭᠳᠠᠭᠰᠠᠨ ᠬᠡᠷᠡᠭ ᠢ ᠲᠥᠪᠯᠡᠷᠡᠭᠦᠯᠦᠨ ᠢᠯᠭᠠᠷᠠᠭᠤᠯᠵᠤ᠂ ᠮᠡᠷᠭᠡᠵᠢᠯ ᠢᠶᠠᠷ ᠰᠠᠶᠢᠨ᠂ ᠪᠦᠲᠦᠭᠡᠭᠳᠡᠬᠦᠨ ᠢᠶᠠᠷ ᠰᠠᠶᠢᠨ ᠠᠵᠤ ᠠᠬᠤᠶᠢᠯᠠᠯ ᠢ ᠣᠷᠣᠰᠢᠨ ᠲᠣᠭᠲᠠᠨᠢᠭᠤᠯᠵᠤ᠂ ᠰᠠᠶᠢᠲᠤᠷ ᠡᠵᠡᠩᠨᠡᠭᠦᠯᠬᠦ ᠪᠠᠷ ᠴᠢᠷᠮᠠᠶᠢᠬᠤ ᠬᠡᠷᠡᠭᠲᠡᠢ᠃ ᠡᠵᠡᠩᠨᠡᠯᠲᠡ ᠶᠢᠨ ᠭᠤᠣᠯ ᠴᠣᠭᠴᠠ ᠶᠢ 30 ᠲᠦᠮᠡᠨ ᠡᠷᠦᠬᠡ ᠠᠴᠠ ᠳᠡᠭᠡᠭᠰᠢ ᠰᠢᠨ᠎ᠡ ᠪᠠᠷ ᠪᠠᠶᠢᠭᠤᠯᠵᠤ᠂ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠠᠵᠤ ᠠᠬᠤᠶᠢᠯᠠᠯ ᠢ 4000 ᠠᠴᠠ ᠳᠡᠭᠡᠭᠰᠢ ᠳᠤ ᠬᠦᠷᠭᠡᠬᠦ ᠪᠠᠷ ᠴᠢᠷᠮᠠᠶᠢᠨ᠎ᠠ᠃        ᠨᠡᠭᠡᠭᠡᠯᠲᠡ ᠬᠢᠬᠦ ᠶᠢ ᠨᠡᠩ ᠰᠥᠰᠥ ᠵᠣᠷᠢᠭᠲᠠᠢ ᠪᠠᠷ ᠠᠬᠢᠭᠤᠯᠤᠨ᠎ᠠ᠃ ︽ᠨᠢᠭᠡ ᠪᠦᠰᠡ ᠨᠢᠭᠡ ᠵᠠᠮ︾ ᠢ ᠬᠠᠮᠲᠤ ᠪᠠᠷ ᠪᠠᠶᠢᠭᠤᠯᠬᠤ ᠨᠠᠢᠮᠠᠨ ᠵᠦᠢᠯ ᠤᠨ ᠠᠵᠢᠯᠯᠠᠭᠠᠨ ᠢᠶᠠᠷ ᠠᠵᠠ ᠳᠣᠬᠢᠶᠠᠯ ᠪᠣᠯᠭᠠᠵᠤ᠂ ᠳᠤᠮᠳᠠᠳᠤ ᠮᠣᠩᠭᠤᠯ ᠣᠷᠣᠰ ᠤᠨ ᠠᠵᠤ ᠠᠬᠤᠢ ᠶᠢᠨ ᠬᠤᠩᠭᠢᠯ ᠢ ᠪᠦᠲᠦᠭᠡᠨ ᠪᠠᠶᠢᠭᠤᠯᠬᠤ ᠪᠠᠷ ᠭᠤᠣᠯᠳᠠᠯᠭ᠎ᠠ ᠪᠣᠯᠭᠠᠨ᠂ ᠨᠡᠩ ᠥᠷᠭᠡᠨ ᠬᠡᠪᠴᠢᠶᠡᠨ ᠤ᠂ ᠨᠡᠩ ᠣᠯᠠᠨ ᠬᠦᠷᠢᠶ᠎ᠡ ᠴᠠᠷᠠᠭᠠᠨ ᠤ᠂ ᠨᠡᠩ ᠭᠦᠨ ᠳᠠᠪᠬᠤᠷᠭ᠎ᠠ ᠶᠢᠨ ᠥᠨᠳᠥᠷ ᠲᠦᠪᠰᠢᠨ ᠪᠦᠬᠦᠢ ᠭᠠᠳᠠᠭᠠᠳᠤ ᠨᠡᠭᠡᠭᠡᠯᠲᠡ ᠶᠢ ᠠᠬᠢᠭᠤᠯᠤᠨ᠎ᠠ᠃ ᠴᠢᠯᠦᠭᠡᠲᠦ ᠠᠷᠠᠯᠵᠢᠶᠠᠨ ᠤ ᠣᠷᠣᠨ ᠢ ᠡᠭᠦᠳᠦᠨ ᠪᠠᠶᠢᠭᠤᠯᠬᠤ ᠢᠨᠵᠧᠨᠧᠷᠢᠩ ᠢ ᠡᠨᠡ ᠵᠢᠯ ᠤᠨ ᠨᠡᠭᠡᠭᠡᠯᠲᠡ ᠬᠢᠬᠦ ᠠᠵᠢᠯ ᠤᠨ ᠲᠡᠷᠢᠭᠦᠨ ᠴᠢᠬᠤᠯᠠ ᠶᠠᠪᠤᠳᠠᠯ ᠪᠣᠯᠭᠠᠵᠤ᠂ ᠳᠦᠷᠢᠮ ᠳᠤ ᠰᠢᠨ᠎ᠡ ᠶᠢ ᠡᠭᠦᠳᠬᠦ ᠡᠷᠴᠢᠮ ᠢᠶᠠᠨ ᠴᠢᠩᠭᠠᠷᠠᠭᠤᠯᠵᠤ᠂ ᠨᠢᠭᠡ ᠪᠦᠯᠦᠭ ᠰᠠᠭᠤᠷᠢᠯᠠᠬᠤ ᠴᠢᠨᠠᠷᠲᠠᠢ ᠥᠭᠡᠷᠡᠴᠢᠯᠡᠯᠲᠡ ᠶᠢᠨ ᠵᠦᠢᠯᠡᠰ ᠪᠠ ᠥᠨᠳᠥᠷ ᠲᠦᠪᠰᠢᠨ ᠪᠦᠬᠦᠢ ᠨᠡᠭᠡᠭᠡᠯᠲᠡ ᠶᠢᠨ ᠠᠷᠭ᠎ᠠ ᠬᠡᠮᠵᠢᠶ᠎ᠡ ᠶᠢ ᠲᠦᠷᠭᠡᠳᠬᠡᠨ ᠭᠠᠷᠭᠠᠵᠤ᠂ ᠡᠭᠦᠳᠦᠨ ᠪᠦᠲᠦᠭᠡᠬᠦ ᠠᠵᠢᠯ ᠦᠨᠡᠨ ᠪᠣᠳᠠᠲᠠᠢ ᠠᠬᠢᠯᠲᠠ ᠲᠠᠢ ᠪᠣᠯᠬᠤ ᠶᠢ ᠪᠦᠬᠦ ᠬᠦᠴᠦᠨ ᠢᠶᠠᠷ ᠢᠶᠠᠨ ᠠᠬᠢᠭᠤᠯᠤᠨ᠎ᠠ᠃ ᠳᠤᠮᠳᠠᠳᠤ ᠡᠸᠦ᠋ᠷᠦᠫᠡ ᠶᠢᠨ ᠡᠭᠡᠯᠵᠢ ᠶᠢᠨ ᠴᠤᠪᠤᠭ᠎ᠠ ᠲᠡᠷᠭᠡᠨ ᠤ ᠪᠠᠭᠲᠠᠭᠠᠮᠵᠢ ᠶᠢ ᠨᠢ ᠥᠷᠭᠡᠳᠬᠡᠨ ᠴᠢᠨᠠᠷ ᠢ ᠨᠢ ᠳᠡᠭᠡᠭᠰᠢᠯᠡᠭᠦᠯᠬᠦ ᠶᠢ ᠠᠬᠢᠭᠤᠯᠵᠤ᠂ ᠮᠠᠨᠵᠤᠤᠷ ᠡᠷᠢᠶᠡᠨ ᠬᠤᠲᠠ ᠶᠢᠨ ᠳᠤᠮᠳᠠᠳᠤ ᠡᠸᠦ᠋ᠷᠦᠫᠡ ᠶᠢᠨ ᠡᠭᠡᠯᠵᠢ ᠶᠢᠨ ᠴᠤᠪᠤᠭ᠎ᠠ ᠲᠡᠷᠭᠡᠨ ᠤ ᠰᠠᠭᠤᠷᠢᠨ ᠭᠠᠵᠠᠷ ᠪᠠ ᠬᠦᠬᠡᠬᠤᠲᠠ ᠤᠯᠠᠭᠠᠨᠴᠠᠪ ᠤᠨ ᠳᠤᠮᠳᠠᠳᠤ ᠡᠸᠦ᠋ᠷᠦᠫᠡ ᠶᠢᠨ ᠡᠭᠡᠯᠵᠢ ᠶᠢᠨ ᠴᠤᠪᠤᠭ᠎ᠠ ᠲᠡᠷᠭᠡᠨ ᠤ ᠲᠥᠪᠯᠡᠷᠡᠭᠦᠯᠵᠦ ᠬᠤᠪᠢᠶᠠᠷᠢᠯᠠᠬᠤ ᠲᠥᠪ ᠢ ᠲᠦᠷᠭᠡᠳᠬᠡᠨ ᠪᠠᠶᠢᠭᠤᠯᠵᠤ᠂ ᠣᠶᠤᠨᠲᠤ ᠪᠣᠭᠤᠮᠲᠠ᠂ ᠣᠶᠤᠨᠲᠤ ᠬᠢᠯᠢ ᠶᠢᠨ ᠪᠣᠭᠤᠮᠲᠠ ᠶᠢ ᠴᠣᠭᠴᠠᠯᠠᠵᠤ᠂ ᠣᠷᠣᠨ ᠠᠴᠠ ᠡᠬᠢᠯᠡᠵᠦ ᠠᠶᠠᠯᠠᠬᠤ ᠡᠭᠡᠯᠵᠢ ᠶᠢᠨ ᠴᠤᠪᠤᠭ᠎ᠠ ᠲᠡᠷᠭᠡᠨ ᠤ ᠶᠡᠷᠦᠩᠬᠡᠢ ᠬᠡᠮᠵᠢᠶ᠎ᠡ ᠶᠢ 10% ᠠᠴᠠ ᠳᠡᠭᠡᠭᠰᠢ ᠨᠡᠮᠡᠭᠳᠡᠭᠦᠯᠬᠦ ᠪᠠᠷ ᠴᠢᠷᠮᠠᠶᠢᠨ᠎ᠠ᠃ ︽ᠭᠠᠷ ᠳᠠᠮᠵᠢᠪᠠᠴᠤ ᠠᠰᠢᠭ ᠬᠦᠷᠲᠡᠬᠦ ᠦᠭᠡᠢ︾ ᠠᠰᠠᠭᠤᠳᠠᠯ ᠢ ᠬᠦᠴᠦ ᠣᠷᠣᠭᠤᠯᠤᠨ ᠦᠷᠭᠦᠯᠵᠢᠯᠡᠨ ᠰᠢᠢᠳᠪᠦᠷᠢᠯᠡᠵᠦ᠂ ᠵᠡᠰ᠂ ᠲᠡᠮᠦᠷ᠂ ᠨᠡᠭᠦᠷᠡᠰᠦ᠂ ᠮᠣᠳᠣᠨ ᠮᠠᠲ᠋ᠧᠷᠢᠶᠠᠯ᠂ ᠠᠮᠤ ᠪᠤᠳᠠᠭ᠎ᠠ ᠵᠡᠷᠭᠡ ᠭᠠᠳᠠᠭᠠᠳᠤ ᠠᠴᠠ ᠣᠷᠤᠭᠤᠯᠬᠤ ᠭᠤᠣᠯ ᠪᠦᠲᠦᠭᠡᠭᠳᠡᠬᠦᠨ ᠢ ᠨᠠᠷᠢᠯᠢᠭ ᠭᠦᠨ ᠡᠳ᠋ᠰᠢᠭᠦᠯᠦᠨ ᠪᠣᠯᠪᠠᠰᠤᠷᠠᠭᠤᠯᠬᠤ ᠶᠢ ᠢᠳᠡᠪᠬᠢᠲᠡᠢ ᠬᠥᠭᠵᠢᠭᠦᠯᠦᠨ᠂ ᠳᠤᠮᠳᠠᠳᠤ ᠮᠣᠩᠭᠤᠯ ᠤᠨ ᠡᠷᠢᠶᠡᠨ ᠬᠤᠲᠠ – ᠵᠠᠮ ᠤᠨ ᠡᠭᠦᠳᠡ ᠶᠢᠨ ᠠᠵᠤ ᠠᠬᠤᠢ ᠶᠢᠨ ᠬᠠᠮᠲᠤᠷᠠᠯᠴᠠᠭᠠᠨ ᠤ ᠣᠷᠣᠨ᠂ ᠬᠢᠯᠢ ᠠᠯᠤᠰᠯᠠᠭᠰᠠᠨ ᠵᠢᠭᠤᠯᠴᠢᠯᠠᠯ ᠤᠨ ᠬᠠᠮᠲᠤᠷᠠᠯᠴᠠᠭᠠᠨ ᠤ ᠣᠷᠣᠨ ᠢᠶᠠᠷ ᠵᠥᠪᠰᠢᠶᠡᠷᠡᠭᠳᠡᠬᠦ ᠶᠢ ᠠᠬᠢᠭᠤᠯᠵᠤ᠂ ᠮᠠᠨᠵᠤᠤᠷ ᠡᠷᠢᠶᠡᠨ ᠬᠤᠲᠠ ᠶᠢᠨ ᠬᠢᠯᠢ ᠶᠢᠨ ᠠᠷᠠᠳ ᠤᠨ ᠵᠠᠬ᠎ᠠ ᠶᠢᠨ ᠠᠷᠠᠯᠵᠢᠶᠠᠨ ᠤ ᠰᠠᠭᠤᠷᠢᠰᠢᠭᠤᠯᠤᠨ ᠪᠣᠯᠪᠠᠰᠤᠷᠠᠭᠤᠯᠵᠤ ᠡᠳ᠋ᠰᠢᠭᠦᠯᠬᠦ ᠲᠤᠷᠰᠢᠯᠲᠠ ᠶᠢᠨ ᠴᠡᠭ ᠤᠨ ᠪᠠᠶᠢᠭᠤᠯᠤᠯᠲᠠ ᠶᠢ ᠳᠡᠮᠵᠢᠵᠦ᠂ ᠠᠯᠠᠱᠠ ᠶᠢᠨ ᠭᠠᠳᠠᠭᠠᠳᠤ ᠠᠴᠠ ᠣᠷᠣᠭᠤᠯᠤᠭᠰᠠᠨ ᠨᠡᠭᠦᠷᠡᠰᠦ ᠶᠢ ᠨᠥᠭᠡᠴᠡᠯᠡᠨ ᠲᠣᠬᠢᠷᠠᠭᠤᠯᠬᠤ ᠠᠷᠠᠯᠵᠢᠶᠠᠨ ᠤ ᠰᠠᠭᠤᠷᠢᠨ ᠭᠠᠵᠠᠷ ᠤᠨ ᠪᠠᠶᠢᠭᠤᠯᠤᠯᠲᠠ ᠶᠢ ᠳᠡᠮᠵᠢᠨ᠎ᠡ︔ ︽ᠥᠪᠥᠷ ᠮᠣᠩᠭᠤᠯ ᠤᠨ ᠬᠤᠳᠠᠯᠳᠤᠭᠠᠴᠢᠳ ᠤᠨ ᠲᠣᠷᠭᠠᠨ ᠵᠠᠮ ᠤᠨ ᠠᠶᠠᠯᠠᠯ︾ ᠵᠡᠷᠭᠡ ᠠᠵᠢᠯᠯᠠᠭ᠎ᠠ ᠶᠢ ᠭᠦᠨᠵᠡᠭᠡᠢ ᠥᠷᠨᠢᠭᠦᠯᠦᠨ᠂ ︽ᠥᠪᠥᠷ ᠮᠣᠩᠭᠤᠯ ᠤᠨ ᠲᠠᠸᠠᠷ ᠬᠢᠯᠢ ᠠᠴᠠ ᠭᠠᠷᠬᠤ︾ ᠶᠢ ᠶᠡᠭᠡ ᠪᠠᠷ ᠠᠬᠢᠭᠤᠯᠵᠤ᠂ ᠭᠠᠳᠠᠭᠠᠳᠤ ᠠᠷᠠᠯᠵᠢᠶᠠᠨ ᠤ ᠬᠡᠪᠴᠢᠶ᠎ᠡ ᠶᠢ 2100 ᠳ᠋ᠦᠩᠰᠢᠭᠤᠷ ᠲᠥᠭᠦᠷᠢᠭ ᠠᠴᠠ ᠳᠠᠪᠠᠭᠤᠯᠵᠤ᠂ 10% ᠠᠴᠠ ᠳᠡᠭᠡᠭᠰᠢ ᠨᠡᠮᠡᠭᠳᠡᠭᠦᠯᠬᠦ ᠪᠠᠷ ᠴᠢᠷᠮᠠᠶᠢᠨ᠎ᠠ᠃ ᠮᠠᠨ ᠤ ᠣᠷᠣᠨ ᠪᠣᠯ ᠬᠢᠯᠢ ᠳᠠᠭᠠᠤ ᠣᠷᠣᠨ ᠪᠣᠯᠪᠠᠴᠤ ᠳᠠᠯᠠᠢ ᠳᠠᠭᠠᠤ ᠣᠷᠣᠨ ᠪᠢᠰᠢ ᠪᠣᠯᠬᠤᠷ ᠨᠡᠩ ᠥᠷᠭᠡᠨ ᠬᠡᠪᠴᠢᠶᠡᠨ ᠤ ᠨᠡᠭᠡᠭᠡᠯᠲᠡ ᠬᠢᠬᠦ ᠶᠢ ᠪᠡᠶᠡᠯᠡᠭᠦᠯᠬᠦ ᠭᠡᠪᠡᠯ ᠡᠷᠬᠡᠪᠰᠢ ᠤᠯᠤᠰ ᠤᠨ ᠳᠣᠲᠣᠭᠠᠳᠤ ᠶᠢᠨ ᠪᠤᠰᠤᠳ ᠣᠷᠣᠨ ᠪᠦᠰᠡ ᠯᠦᠭᠡ ᠶᠢᠨ ᠬᠠᠮᠲᠤᠷᠠᠯᠴᠠᠭ᠎ᠠ ᠪᠠᠨ ᠴᠢᠩᠭᠠᠳᠬᠠᠵᠤ᠂ ᠳᠣᠲᠣᠭᠠᠳᠤ ᠭᠠᠳᠠᠭᠠᠳᠤ ᠠᠷᠠᠯᠵᠢᠶ᠎ᠠ ᠶᠢᠨ ᠨᠢᠭᠡ ᠴᠣᠭᠴᠠᠵᠢᠭᠤᠯᠤᠭᠰᠠᠨ ᠬᠥᠭᠵᠢᠯᠲᠡ ᠶᠢ ᠲᠦᠷᠭᠡᠳᠬᠡᠨ᠂ ᠪᠡᠭᠡᠵᠢᠩ ᠲᠢᠶᠠᠨᠵᠢᠨ ᠾᠧᠪᠧᠢ ᠶᠢᠨ ᠬᠠᠮᠵᠢᠯᠴᠠᠭᠠᠨ ᠤ ᠬᠥᠭᠵᠢᠯᠲᠡ ᠳᠤ ᠢᠳᠡᠪᠬᠢᠲᠡᠢ ᠠᠭᠤᠰᠤᠯᠴᠠᠵᠤ᠂ ᠵᠡᠭᠦᠨ ᠬᠤᠶᠢᠲᠤ ᠶᠢᠨ ᠭᠤᠷᠪᠠᠨ ᠮᠤᠵᠢ ᠲᠠᠢ ᠬᠤᠯᠪᠣᠯᠳᠤᠨ ᠪᠦᠬᠦ ᠲᠠᠯ᠎ᠠ ᠪᠠᠷ ᠬᠥᠭᠵᠢᠭᠦᠯᠦᠨ ᠮᠠᠨᠳᠤᠭᠤᠯᠬᠤ ᠶᠢ ᠠᠬᠢᠭᠤᠯᠤᠨ᠂ ᠬᠥᠬᠡᠮᠥ᠋ᠷᠡᠨ ᠤ ᠭᠤᠷᠪᠠᠯᠵᠢᠨ ᠬᠤᠶᠢᠭ ᠪᠣᠯᠣᠨ ᠭᠤᠸᠠᠩᠳᠦ᠋ᠩ ᠰᠢᠶᠠᠩᠭᠠᠩ ᠣᠣᠮᠧᠨ ᠲᠠᠢ ᠬᠥᠳᠡᠯᠦᠯᠴᠡᠬᠦ ᠪᠠᠨ ᠴᠢᠩᠭᠠᠳᠬᠠᠵᠤ᠂ ᠤᠯᠠᠭᠠᠨᠬᠠᠳᠠ ᠬᠢᠭᠡᠳ ᠵᠢᠨᠵᠧᠦ ᠭᠠᠷᠠᠮ ᠤᠨ ᠭᠦᠨᠵᠡᠭᠡᠢ ᠬᠠᠮᠲᠤᠷᠠᠯᠴᠠᠭ᠎ᠠ ᠶᠢ ᠳᠡᠮᠵᠢᠵᠦ᠂ ᠡᠬᠡ ᠬᠠᠭᠤᠷᠠᠢ ᠪᠠ ᠭᠠᠷᠠᠮ ᠤᠨ ᠬᠤᠯᠪᠤᠭᠠᠯᠠᠨ ᠬᠥᠳᠡᠯᠦᠯᠴᠡᠬᠦ ᠠᠵᠢᠯ ᠤᠨ ᠰᠢᠨ᠎ᠡ ᠠᠬᠢᠴᠠ ᠶᠢ ᠠᠬᠢᠭᠤᠯᠤᠨ᠎ᠠ᠃        ︵ᠳᠤᠯᠤᠭ᠎ᠠ︶ ︽ᠤᠯᠤᠰ ᠤᠨ ᠶᠡᠭᠡ ᠶᠠᠪᠤᠳᠠᠯ︾ ᠤᠨ ᠥᠨᠳᠥᠷᠴᠡ ᠠᠴᠠ ᠮᠠᠨ ᠤ ᠤᠯᠤᠰ ᠤᠨ ᠤᠮᠠᠷᠠᠲᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠰᠠᠶᠢᠲᠤᠷ ᠪᠦᠲᠦᠭᠡᠨ ᠪᠠᠶᠢᠭᠤᠯᠤᠨ᠎ᠠ᠃ ᠶᠡᠷᠦᠩᠬᠡᠢ ᠱᠦᠵᠢ ᠰᠢ ᠶᠢᠨ ᠫᠢᠩ ᠪᠢᠳᠡᠨ ᠳᠤ ᠡᠷᠬᠡᠪᠰᠢ ᠠᠮᠢ ᠠᠬᠤᠢ ᠣᠷᠴᠢᠨ ᠲᠣᠭᠤᠷᠢᠨ ᠤ ᠬᠠᠮᠠᠭᠠᠯᠠᠯᠲᠠ ᠶᠢ ᠢᠮᠠᠭᠲᠠ ᠲᠡᠷᠢᠭᠦᠨ ᠪᠠᠶᠢᠷᠢᠨ ᠳᠤ ᠲᠠᠯᠪᠢᠬᠤ ᠬᠡᠷᠡᠭᠲᠡᠢ ᠭᠡᠵᠦ ᠣᠯᠠᠨᠲᠠ ᠵᠠᠬᠢᠪᠠ᠃ ᠪᠢᠳᠡ ᠪᠦᠬᠦ ᠬᠦᠴᠦᠨ ᠵᠦᠢᠯ ᠪᠦᠬᠦ ᠲᠠᠯ᠎ᠠ ᠶᠢᠨ ᠠᠮᠢ ᠠᠬᠤᠢ ᠶᠢᠨ ᠵᠠᠰᠠᠯᠲᠠ ᠶᠢᠨ ᠪᠠᠶᠢᠷᠢᠰᠢᠯ ᠢ ᠬᠦᠴᠦᠯᠡᠨ ᠪᠣᠢ ᠪᠣᠯᠭᠠᠵᠤ᠂ ᠤᠯᠤᠰ ᠤᠨ ᠴᠢᠬᠤᠯᠠ ᠶᠡᠭᠡ ᠠᠮᠢ ᠠᠬᠤᠢ ᠶᠢᠨ ᠢᠨᠵᠧᠨᠧᠷᠢᠩ ᠢ ᠭᠦᠨᠵᠡᠭᠡᠢ ᠬᠡᠷᠡᠭᠵᠢᠭᠦᠯᠦᠨ᠂ ᠦᠵᠡᠰᠬᠦᠯᠡᠩᠲᠦ ᠳᠤᠮᠳᠠᠳᠤ ᠤᠯᠤᠰ ᠤᠨ ᠬᠤᠰᠢᠭᠤᠴᠢ ᠣᠷᠣᠨ ᠢ ᠴᠢᠷᠮᠠᠶᠢᠨ ᠴᠣᠭᠴᠠᠯᠠᠵᠤ᠂ ᠡᠬᠡ ᠤᠯᠤᠰ ᠤᠨ ᠤᠮᠠᠷᠠᠲᠤ ᠬᠢᠯᠢ ᠶᠢᠨ ᠨᠣᠮᠢᠨ ᠨᠣᠭᠤᠭᠠᠨ ᠤᠷᠲᠤ ᠴᠠᠭᠠᠨ ᠬᠡᠷᠡᠮ ᠢ ᠨᠡᠩ ᠰᠠᠶᠢᠲᠤᠷ ᠪᠦᠲᠦᠭᠡᠨ ᠪᠠᠶᠢᠭᠤᠯᠬᠤ ᠬᠡᠷᠡᠭᠲᠡᠢ᠃        ᠭᠤᠣᠯ ᠬᠦᠴᠦᠨ ᠪᠥᠭᠡᠳ ᠬᠤᠰᠢᠭᠤᠴᠢ ᠪᠣᠯᠬᠤ ᠣᠪᠣᠷ ᠪᠠᠶᠢᠳᠠᠯ ᠢᠶᠠᠷ ︽ᠤᠮᠠᠷᠠᠲᠤ ᠶᠢᠨ ᠭᠤᠷᠪᠠᠨ ᠣᠷᠣᠨ︾ ᠤ ᠢᠨᠵᠧᠨᠧᠷᠢᠩ ᠤᠨ ᠰᠢᠪᠲᠤᠯᠤᠯᠲᠠ ᠶᠢᠨ ᠳᠠᠶᠢᠯᠠᠯᠳᠤᠭᠠᠨ ᠤ ᠢᠯᠠᠯᠲᠠ ᠶᠢ ᠣᠯᠣᠨ᠎ᠠ᠃ ᠡᠷᠲᠡ ᠠᠴᠠ ᠭᠠᠷᠳᠠᠵᠤ ᠡᠷᠲᠡᠬᠡᠨ ᠪᠠᠶᠢᠷᠢᠯᠠᠭᠤᠯᠵᠤ᠂ ᠬᠠᠪᠤᠷ ᠰᠠᠭᠠᠲᠠᠮᠠᠭᠴᠠ ᠬᠥᠳᠡᠯᠦᠯᠴᠡᠵᠦ᠂ ᠵᠢᠯ ᠤᠨ ᠳᠣᠲᠣᠷ᠎ᠠ ᠬᠠᠲᠤᠨ ᠭᠤᠣᠯ ᠤᠨ ︽ᠶᠡᠭᠡ ᠲᠣᠬᠤᠢ︾ ᠶᠢᠨ ᠰᠢᠪᠲᠤᠯᠤᠯᠲᠠ ᠶᠢᠨ ᠳᠠᠶᠢᠯᠠᠯᠳᠤᠭᠠᠨ ᠢ 758 ᠲᠦᠮᠡᠨ ᠮᠦ᠂ ᠬᠤᠷᠴᠢᠨ ᠪᠠ ᠬᠤᠯᠠᠨ ᠰᠢᠷᠭ᠎ᠠ ᠳᠠᠭ᠎ᠠ ᠶᠢᠨ ᠡᠯᠡᠰᠦᠷᠬᠡᠭ ᠭᠠᠵᠠᠷ ᠤᠨ ᠰᠥᠨᠥᠭᠡᠯᠲᠡ ᠶᠢᠨ ᠳᠠᠶᠢᠯᠠᠯᠳᠤᠭᠠᠨ ᠢ 549 ᠲᠦᠮᠡᠨ ᠮᠦ᠂ ᠾᠧᠰᠢ ᠶᠢᠨ ᠬᠤᠩᠭᠢᠯ – ᠲᠠᠺᠯᠢᠮᠠᠺᠠᠨ ᠡᠯᠡᠰᠦᠨ ᠴᠦᠯ ᠤᠨ ᠬᠦᠪᠡᠭᠡ ᠵᠠᠬ᠎ᠠ ᠶᠢᠨ ᠬᠤᠷᠢᠭᠯᠠᠯᠲᠠ ᠶᠢᠨ ᠳᠠᠶᠢᠯᠠᠯᠳᠤᠭᠠᠨ ᠢ 131 ᠲᠦᠮᠡᠨ ᠮᠦ ᠪᠡᠶᠡᠯᠡᠭᠦᠯᠬᠦ ᠶᠢ ᠦᠨᠡᠨ ᠬᠦ ᠪᠠᠲᠤᠯᠠᠨ᠎ᠠ᠃ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠪᠠ ᠰᠠᠯᠬᠢᠨ ᠬᠦᠴᠦᠨ ᠤ ᠴᠠᠬᠢᠯᠭᠠᠨ ᠭᠡᠷᠡᠯᠴᠢ ᠴᠡᠨᠡᠭ ᠢ ᠨᠢᠭᠡ ᠴᠣᠭᠴᠠᠵᠢᠭᠤᠯᠬᠤ ᠢᠨᠵᠧᠨᠧᠷᠢᠩ ᠢ ᠶᠡᠭᠡ ᠪᠠᠷ ᠬᠡᠷᠡᠭᠵᠢᠭᠦᠯᠵᠦ᠂ ᠬᠥᠪᠴᠢ ᠶᠢᠨ ᠵᠠᠭᠪᠤᠷ᠂ ᠳ᠋ᠧᠩᠺᠧᠥ ᠶᠢᠨ ᠵᠠᠭᠪᠤᠷ ᠢ ᠢᠳᠡᠪᠬᠢᠲᠡᠢ ᠪᠠᠷ ᠳᠡᠯᠭᠡᠷᠡᠭᠦᠯᠦᠨ᠂ ᠣᠷᠳᠣᠰ ᠤᠨ ︽ᠭᠡᠷᠡᠯᠴᠢ ᠴᠡᠨᠡᠭ ᠤᠨ ᠤᠷᠲᠤ ᠴᠠᠭᠠᠨ ᠬᠡᠷᠡᠮ︾ ᠪᠠᠶᠢᠭᠤᠯᠬᠤ ᠶᠢ ᠨᠢ ᠳᠡᠮᠵᠢᠵᠦ᠂ ᠲᠠᠷᠢᠶᠠᠯᠠᠩ ᠭᠡᠷᠡᠯᠴᠢ ᠴᠡᠨᠡᠭ ᠤᠨ ᠬᠠᠷᠢᠯᠴᠠᠨ ᠨᠥᠬᠦᠪᠦᠷᠢᠯᠡᠬᠦ᠂ ᠮᠠᠯ ᠠᠵᠤ ᠠᠬᠤᠢ ᠭᠡᠷᠡᠯᠴᠢ ᠴᠡᠨᠡᠭ ᠤᠨ ᠬᠠᠷᠢᠯᠴᠠᠨ ᠨᠥᠬᠦᠪᠦᠷᠢᠯᠡᠬᠦ ᠶᠢ ᠠᠬᠢᠭᠤᠯᠵᠤ᠂ ᠡᠯᠡᠰᠦ ᠶᠢ ᠵᠠᠰᠠᠭᠰᠠᠨ ᠪᠥᠭᠡᠳ ᠪᠣᠬᠢᠷᠳᠤᠯ ᠦᠭᠡᠢ ᠴᠠᠬᠢᠯᠭᠠᠨ ᠭᠠᠷᠭᠠᠵᠤ ᠪᠠᠰᠠ ᠣᠯᠠᠨ ᠲᠦᠮᠡᠨ ᠤ ᠣᠷᠣᠯᠭ᠎ᠠ ᠶᠢ ᠨᠢ ᠨᠡᠮᠡᠭᠳᠡᠭᠦᠯᠵᠦ᠂ ᠠᠮᠢ ᠠᠬᠤᠢ᠂ ᠦᠢᠯᠡᠳᠪᠦᠷᠢᠯᠡᠯ᠂ ᠠᠮᠢᠳᠤᠷᠠᠯ ᠭᠤᠷᠪᠠ ᠳᠤ ᠴᠥᠮ ︽ᠠᠰᠢᠭ ᠬᠦᠷᠲᠡᠭᠡᠬᠦ︾ ᠶᠢ ᠪᠡᠶᠡᠯᠡᠭᠦᠯᠦᠨ᠂ ᠰᠢᠨ᠎ᠡ ᠴᠠᠭ ᠦᠶ᠎ᠡ ᠶᠢᠨ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠭᠰᠠᠨ ᠰᠢᠨ᠎ᠡ ᠭᠠᠶᠢᠬᠠᠮᠰᠢᠭ ᠢ ᠡᠭᠦᠳᠦᠨ᠎ᠡ᠃        ᠴᠡᠩᠬᠡᠷ ᠣᠭᠲᠠᠷᠭᠤᠢ ᠴᠡᠩᠭᠡᠭ ᠤᠰᠤ ᠴᠡᠪᠡᠷ ᠬᠥᠷᠥᠰᠥ ᠶᠢᠨ ᠬᠠᠮᠠᠭᠠᠯᠠᠯᠲᠠ ᠶᠢᠨ ᠳᠠᠶᠢᠯᠠᠯᠳᠤᠭᠠᠨ ᠢ ᠦᠷᠭᠦᠯᠵᠢᠯᠡᠨ ᠰᠠᠶᠢᠲᠤᠷ ᠬᠢᠨ᠎ᠡ᠃ ᠬᠠᠲᠤᠨ ᠭᠤᠣᠯ ᠤᠨ ᠥᠪᠥᠷ ᠮᠣᠩᠭᠤᠯ ᠢᠶᠠᠷ ᠤᠷᠤᠰᠤᠨ ᠥᠩᠭᠡᠷᠡᠬᠦ 843.5 ᠺᠢᠯᠣᠮᠧᠳ᠋ᠷ ᠤᠨ ᠪᠦᠬᠦ ᠰᠠᠪᠠ ᠭᠠᠵᠠᠷ ᠤᠨ ᠠᠮᠢ ᠠᠬᠤᠢ ᠣᠷᠴᠢᠨ ᠲᠣᠭᠤᠷᠢᠨ ᠤ ᠬᠠᠮᠠᠭᠠᠯᠠᠯᠲᠠ ᠪᠠ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠵᠤ᠂ ᠡᠵᠢ ᠭᠤᠣᠯ ᠢᠶᠠᠨ ᠰᠠᠶᠢᠲᠤᠷ ᠬᠠᠮᠠᠭᠠᠯᠠᠬᠤ ᠬᠡᠷᠡᠭᠲᠡᠢ᠃ ᠬᠦᠬᠡᠬᠤᠲᠠ ᠪᠤᠭᠤᠲᠤ ᠣᠷᠳᠣᠰ᠂ ᠦᠬᠠᠢ ᠵᠢᠴᠢ ᠡᠷᠬᠢᠨ ᠲᠣᠭᠤᠷᠢᠨ ᠤ ᠭᠠᠵᠠᠷ ᠣᠷᠣᠨ ᠤ ᠠᠭᠠᠷ ᠮᠠᠨᠳᠠᠯ ᠤᠨ ᠪᠣᠬᠢᠷᠳᠤᠯ ᠢ ᠬᠤᠯᠪᠤᠭᠠᠯᠠᠨ ᠰᠡᠷᠭᠡᠶᠢᠯᠡᠵᠦ ᠬᠤᠯᠪᠤᠭᠠᠯᠠᠨ ᠡᠵᠡᠮᠳᠡᠬᠦ ᠪᠠᠨ ᠴᠢᠩᠭᠠᠳᠬᠠᠵᠤ᠂ ︽ᠬᠥᠯᠥᠨ ᠨᠠᠭᠤᠷ ᠳᠠᠭ᠎ᠠ ᠶᠢᠨ ᠨᠠᠭᠤᠷ ᠤᠯᠠᠭᠠᠨᠰᠤᠬᠠᠢ ᠨᠠᠭᠤᠷ︾ ᠵᠢᠴᠢ ᠴᠠᠭᠠᠨᠨᠠᠭᠤᠷ ᠢ ᠶᠡᠷᠦᠩᠬᠡᠶᠢᠯᠡᠨ ᠵᠠᠰᠠᠭᠰᠠᠨ ᠦᠷ᠎ᠡ ᠪᠦᠲᠦᠮᠵᠢ ᠪᠠᠨ ᠪᠠᠬᠢᠵᠢᠭᠦᠯᠵᠦ᠂ ᠤᠰᠤᠨ ᠴᠦᠬᠦᠷᠦᠮ ᠤᠨ ᠨᠦᠯᠦᠮᠡᠯ ᠰᠢᠪᠠᠷ ᠢ ᠠᠷᠢᠯᠭᠠᠨ ᠴᠡᠪᠡᠷᠯᠡᠬᠦ ᠲᠤᠷᠰᠢᠯᠲᠠ ᠶᠢ ᠡᠬᠢᠯᠡᠭᠦᠯᠦᠨ᠂ ᠠᠭᠤᠷᠬᠠᠢ ᠶᠢᠨ ᠣᠷᠣᠨ ᠤ ᠠᠮᠢ ᠠᠬᠤᠢ ᠶᠢ ᠰᠡᠷᠭᠦᠭᠡᠬᠦ ᠠᠵᠢᠯ ᠢ ᠰᠠᠶᠢᠲᠤᠷ ᠠᠳᠬᠤᠵᠤ᠂ ᠨᠡᠩ ᠣᠯᠠᠨ ᠪᠣᠬᠢᠷᠳᠤᠯ ᠦᠭᠡᠢ ᠠᠭᠤᠷᠬᠠᠢ ᠶᠢ ᠪᠦᠲᠦᠭᠡᠨ ᠪᠠᠶᠢᠭᠤᠯᠵᠤ᠂ ᠭᠤᠣᠯᠳᠠᠯᠭ᠎ᠠ ᠲᠠᠢ ᠣᠷᠣᠨ ᠪᠦᠰᠡ᠂ ᠭᠤᠣᠯᠳᠠᠯᠭ᠎ᠠ ᠲᠠᠢ ᠬᠦᠷᠢᠶ᠎ᠡ ᠴᠠᠷᠠᠭ᠎ᠠ ᠳᠤ ᠪᠣᠬᠢᠷᠳᠤᠯ ᠢ ᠰᠡᠷᠭᠡᠶᠢᠯᠡᠨ ᠵᠠᠰᠠᠬᠤ ᠠᠵᠢᠯ ᠰᠢᠨ᠎ᠡ ᠰᠢᠪᠲᠤᠯᠤᠯᠲᠠ ᠲᠠᠢ ᠪᠣᠯᠬᠤ ᠶᠢ ᠠᠬᠢᠭᠤᠯᠤᠨ᠎ᠠ᠃        ᠡᠬᠢ ᠪᠠᠶᠠᠯᠢᠭ ᠢ ᠠᠷᠪᠢᠲᠠᠢ ᠡᠷᠴᠢᠮᠲᠡᠢ ᠠᠰᠢᠭᠯᠠᠬᠤ ᠶᠢ ᠶᠡᠭᠡ ᠪᠠᠷ ᠠᠬᠢᠭᠤᠯᠤᠨ᠎ᠠ᠃ ︽ᠲᠠᠪᠤ ᠶᠢ ᠲᠦᠢᠯᠪᠤᠷᠢᠲᠠᠢ ᠰᠢᠢᠳᠪᠦᠷᠢᠯᠡᠬᠦ︾ ᠶᠢ ᠭᠦᠨᠵᠡᠭᠡᠶᠢᠷᠡᠭᠦᠯᠦᠨ ᠥᠷᠭᠡᠳᠬᠡᠵᠦ᠂ ᠵᠥᠪᠰᠢᠶᠡᠷᠡᠭᠰᠡᠨ ᠪᠠᠶᠢᠲᠠᠯ᠎ᠠ ᠬᠠᠩᠭᠠᠭᠠᠳᠤᠢ 14.6 ᠲᠦᠮᠡᠨ ᠮᠦ ᠭᠠᠵᠠᠷ ᠰᠢᠷᠣᠢ᠂ ᠰᠤᠯᠠ ᠲᠠᠯᠪᠢᠭᠳᠠᠵᠤ ᠪᠠᠶᠢᠭ᠎ᠠ 1.2 ᠲᠦᠮᠡᠨ ᠮᠦ ᠭᠠᠵᠠᠷ ᠰᠢᠷᠣᠢ ᠶᠢ ᠰᠢᠩᠭᠡᠬᠡᠨ ᠰᠢᠢᠳᠪᠦᠷᠢᠯᠡᠨ᠎ᠡ᠃ ᠪᠡᠯᠴᠢᠭᠡᠷ ᠤᠨ ᠳᠠᠭᠠᠭᠠᠴᠠ ᠠᠴᠠ ᠬᠡᠲᠦᠷᠡᠭᠦᠯᠦᠨ ᠮᠠᠯᠵᠢᠬᠤ ᠠᠰᠠᠭᠤᠳᠠᠯ ᠢ ᠰᠢᠢᠳᠪᠦᠷᠢᠯᠡᠬᠦ ᠲᠤᠷᠰᠢᠯᠲᠠ ᠶᠢ ᠠᠬᠢᠭᠤᠯᠵᠤ᠂ ᠲᠤᠷᠰᠢᠯᠲᠠ ᠶᠢᠨ ᠴᠡᠭ ᠪᠣᠯᠬᠤ ᠬᠤᠰᠢᠭᠤ ᠰᠢᠶᠠᠨ ᠤ ᠪᠠᠶᠢᠭᠠᠯᠢᠯᠢᠭ ᠨᠤᠲᠤᠭ ᠪᠡᠯᠴᠢᠭᠡᠷ ᠤᠨ ᠮᠠᠯ ᠪᠡᠯᠴᠢᠭᠡᠷ ᠬᠤᠶᠠᠷ ᠢ ᠲᠡᠩᠴᠡᠭᠦᠷᠢᠲᠡᠢ ᠪᠠᠶᠢᠯᠭᠠᠬᠤ ᠭᠦᠢᠴᠡᠳᠬᠡᠯ ᠲᠤᠭ᠎ᠠ ᠶᠢ 10% ᠠᠴᠠ ᠳᠣᠷᠣᠭᠰᠢ ᠪᠣᠯᠲᠠᠯ᠎ᠠ ᠪᠠᠭᠤᠷᠠᠭᠤᠯᠬᠤ ᠪᠠᠷ ᠴᠢᠷᠮᠠᠶᠢᠨ᠎ᠠ᠃ ᠤᠰᠤᠨ ᠤ ᠡᠬᠢ ᠪᠠᠶᠠᠯᠢᠭ ᠪᠣᠯ ᠮᠠᠨ ᠤ ᠣᠷᠣᠨ ᠤ ᠬᠥᠭᠵᠢᠯᠲᠡ ᠶᠢᠨ ᠬᠠᠮᠤᠭ ᠤᠨ ᠬᠠᠲᠠᠭᠤ ᠬᠢᠵᠠᠭᠠᠷᠯᠠᠯ ᠪᠣᠯᠣᠨ᠎ᠠ᠂ ︽ᠨᠢᠭᠡ ᠠᠶᠢᠮᠠᠭ ︵ᠬᠤᠲᠠ︶ ᠲᠤ ᠨᠢᠭᠡ ᠠᠷᠭ᠎ᠠ ᠪᠣᠳᠣᠯᠭ᠎ᠠ ᠬᠡᠷᠡᠭᠵᠢᠭᠦᠯᠵᠦ︾ ᠰᠢᠨᠵᠢᠯᠡᠬᠦ ᠤᠬᠠᠭᠠᠨᠴᠢ ᠪᠠᠷ ᠤᠰᠤ ᠠᠷᠪᠢᠯᠠᠬᠤ ᠶᠢ ᠠᠬᠢᠭᠤᠯᠵᠤ᠂ ᠲᠠᠷᠢᠶᠠᠯᠠᠩ ᠠᠵᠤ ᠦᠢᠯᠡᠳᠪᠦᠷᠢ ᠪᠠ ᠬᠤᠲᠠ ᠪᠠᠯᠭᠠᠰᠤᠨ ᠤ ᠤᠰᠤ ᠠᠷᠪᠢᠯᠠᠬᠤ ᠶᠢ ᠲᠦᠷᠦᠯ ᠠᠩᠭᠢᠯᠠᠨ ᠰᠠᠶᠢᠲᠤᠷ ᠠᠳᠬᠤᠵᠤ᠂ ︽ᠬᠤᠭᠤᠰᠤᠨ ᠭᠠᠵᠠᠷ ᠢ ᠤᠰᠤᠯᠠᠬᠤ︾᠂ ︽ᠨᠡᠯᠦ᠋ᠢᠲᠡᠯ᠎ᠡ ᠤᠰᠤᠯᠠᠬᠤ︾ ᠵᠡᠷᠭᠡ ᠠᠰᠠᠭᠤᠳᠠᠯ ᠢ ᠪᠦᠬᠦ ᠬᠦᠴᠦᠨ ᠢᠶᠠᠷ ᠢᠶᠠᠨ ᠰᠢᠢᠳᠪᠦᠷᠢᠯᠡᠵᠦ᠂ ᠲᠦᠩᠯᠢᠶᠣᠣ ᠪᠠᠶᠠᠨᠨᠠᠭᠤᠷ ᠤᠨ ᠣᠳᠣ ᠦᠶ᠎ᠡ ᠶᠢᠨ ᠤᠰᠤ ᠠᠷᠪᠢᠯᠠᠬᠤ ᠥᠨᠳᠥᠷ ᠤᠨᠠᠯᠲᠠᠲᠤ ᠲᠠᠷᠢᠶᠠᠯᠠᠩ ᠤᠨ ᠵᠢᠱᠢᠶ᠎ᠡ ᠦᠵᠡᠭᠦᠯᠬᠦ ᠣᠷᠣᠨ ᠢ ᠪᠠᠶᠢᠭᠤᠯᠬᠤ ᠶᠢ ᠨᠢ ᠳᠡᠮᠵᠢᠨ᠎ᠡ᠃ ︽ᠬᠠᠶᠠᠭᠳᠠᠮᠠᠯ ᠢ ᠬᠡᠷᠡᠭᠴᠡᠭᠡ ᠲᠠᠢ ᠵᠦᠢᠯ ᠪᠣᠯᠭᠠᠨ ᠠᠰᠢᠭᠯᠠᠬᠤ︾ ᠲᠠᠯ᠎ᠠ ᠪᠠᠷ ᠮᠠᠨ ᠤ ᠣᠷᠣᠨ ᠮᠠᠰᠢ ᠣᠯᠠᠨ ᠠᠵᠢᠯ ᠬᠢᠵᠦ ᠪᠣᠯᠣᠨ᠎ᠠ᠂ ᠨᠢᠭᠡ ᠲᠠᠯ᠎ᠠ ᠪᠠᠷ ᠨᠤᠨᠳᠠᠭ ᠨᠡᠭᠦᠷᠡᠰᠦᠨ ᠤ ᠦᠨᠡᠰᠦ᠂ ᠨᠡᠭᠦᠷᠡᠰᠦᠨ ᠴᠢᠯᠠᠭᠤ ᠵᠡᠷᠭᠡ ᠶᠡᠭᠡ ᠬᠡᠮᠵᠢᠶᠡᠨ ᠤ ᠤᠯᠠᠮᠵᠢᠯᠠᠯᠲᠤ ᠠᠵᠤ ᠦᠢᠯᠡᠳᠪᠦᠷᠢ ᠶᠢᠨ ᠬᠠᠲᠠᠭᠤ ᠪᠡᠶᠡᠲᠦ ᠬᠠᠶᠠᠭᠳᠠᠮᠠᠯ ᠢ ᠤᠯᠠᠷᠢᠭᠤᠯᠤᠨ ᠠᠰᠢᠭᠯᠠᠬᠤ ᠶᠢ ᠠᠳᠬᠤᠵᠤ᠂ ᠨᠥᠭᠦᠭᠡ ᠲᠠᠯ᠎ᠠ ᠪᠠᠷ ᠴᠢᠳᠠᠮᠵᠢ ᠨᠢ ᠪᠠᠭᠤᠷᠠᠭᠰᠠᠨ ᠳ᠋ᠢᠶᠠᠨ ᡂᠢ᠂ ᠭᠡᠷᠡᠯᠴᠢ ᠴᠡᠨᠡᠭ ᠤᠨ ᠲᠣᠨᠣᠭᠯᠠᠯ᠂ ᠰᠠᠯᠬᠢᠨ ᠬᠦᠴᠦ ᠪᠠᠷ ᠴᠠᠬᠢᠯᠭᠠᠨ ᠭᠠᠷᠭᠠᠬᠤ ᠮᠠᠰᠢᠨ ᠪᠦᠯᠦᠭ ᠵᠡᠷᠭᠡ ᠰᠢᠨ᠎ᠡ ᠬᠡᠯᠪᠡᠷᠢ ᠪᠦᠬᠦᠢ ᠬᠠᠶᠠᠭᠳᠠᠮᠠᠯ ᠪᠣᠳᠠᠰ ᠢ ᠡᠷᠭᠢᠯᠳᠦᠭᠦᠯᠦᠨ ᠠᠰᠢᠭᠯᠠᠬᠤ ᠶᠢ ᠠᠳᠬᠤᠵᠤ᠂ ᠪᠤᠭᠤᠲᠤ ᠶᠢᠨ ᠰᠠᠯᠬᠢᠨ ᠬᠦᠴᠦ ᠪᠠᠷ ᠴᠠᠬᠢᠯᠭᠠᠨ ᠭᠠᠷᠭᠠᠬᠤ ᠴᠢᠳᠠᠮᠵᠢ ᠨᠢ ᠪᠠᠭᠤᠷᠠᠭᠰᠠᠨ ᠲᠤᠨᠤᠭ ᠲᠥᠬᠦᠭᠡᠷᠦᠮᠵᠢ ᠶᠢ ᠡᠬᠢ ᠪᠠᠶᠠᠯᠢᠭᠵᠢᠭᠤᠯᠤᠨ ᠳᠠᠬᠢᠨᠲᠠ ᠠᠰᠢᠭᠯᠠᠬᠤ ᠶᠢᠨ ᠵᠢᠱᠢᠶ᠎ᠡ ᠦᠵᠡᠭᠦᠯᠬᠦ ᠣᠷᠣᠨ᠂ ᠣᠷᠳᠣᠰ ᠤᠨ ᠨᠤᠨᠳᠠᠭ ᠨᠡᠭᠦᠷᠡᠰᠦᠨ ᠦᠨᠡᠰᠦ ᠠᠴᠠ ᠰᠠᠯᠭᠠᠨ ᠠᠪᠤᠭᠰᠠᠨ ᠢᠰᠦᠯᠳᠦᠭᠰᠡᠨ ᠬᠥᠩᠭᠡᠨᠴᠠᠭᠠᠨ ᠢ ᠶᠡᠷᠦᠩᠬᠡᠶᠢᠯᠡᠨ ᠠᠰᠢᠭᠯᠠᠬᠤ ᠰᠠᠭᠤᠷᠢᠨ ᠭᠠᠵᠠᠷ᠂ ᠰᠢᠯᠢ ᠶᠢᠨ ᠭᠤᠣᠯ ᠤᠨ ᠠᠵᠤ ᠦᠢᠯᠡᠳᠪᠦᠷᠢ ᠶᠢᠨ ᠬᠠᠲᠠᠭᠤ ᠪᠡᠶᠡᠲᠦ ᠬᠠᠶᠠᠭᠳᠠᠮᠠᠯ ᠢ ᠶᠡᠷᠦᠩᠬᠡᠶᠢᠯᠡᠨ ᠠᠰᠢᠭᠯᠠᠬᠤ ᠰᠠᠭᠤᠷᠢᠨ ᠭᠠᠵᠠᠷ ᠤᠨ ᠪᠠᠶᠢᠭᠤᠯᠤᠯᠲᠠ ᠶᠢ ᠳᠡᠮᠵᠢᠬᠦ ᠬᠡᠷᠡᠭᠲᠡᠢ᠃ ᠤᠯᠤᠰ ᠤᠨ ᠨᠡᠭᠦᠷᠡᠰᠦᠳᠦ᠋ᠷᠦᠭᠴᠢ ᠶᠢᠨ ᠭᠠᠳᠠᠭᠰᠢᠯᠠᠭᠤᠯᠤᠯᠲᠠ ᠶᠢ ᠣᠷᠬᠢᠯ ᠬᠡᠮᠵᠢᠭᠳᠡᠯ ᠠᠴᠠ ᠪᠠᠭᠤᠷᠠᠭᠤᠯᠬᠤ ᠲᠤᠷᠰᠢᠯᠲᠠ ᠶᠢᠨ ᠴᠡᠭ ᠤᠨ ᠪᠠᠶᠢᠭᠤᠯᠤᠯᠲᠠ ᠶᠢ ᠭᠦᠨᠵᠡᠭᠡᠶᠢᠷᠡᠭᠦᠯᠦᠨ᠎ᠡ᠂ ᠡᠨᠧᠷᠬᠢ ᠶᠢᠨ ᠰᠠᠭᠤᠷᠢ ᠪᠡᠯᠡᠳᠬᠡᠮᠵᠢ᠂ ᠡᠨᠧᠷᠬᠢ ᠠᠷᠪᠢᠯᠠᠵᠤ ᠨᠡᠭᠦᠷᠡᠰᠦᠳᠦ᠋ᠷᠦᠭᠴᠢ ᠶᠢ ᠪᠠᠭᠤᠷᠠᠭᠤᠯᠬᠤ ᠪᠠᠷ ᠥᠭᠡᠷᠡᠴᠢᠯᠡᠨ ᠰᠢᠨᠡᠳᠬᠡᠬᠦ᠂ ᠲᠡᠷᠢᠭᠦᠨ ᠤ ᠮᠡᠷᠭᠡᠵᠢᠯ ᠤᠨ ᠵᠢᠱᠢᠶ᠎ᠡ ᠦᠵᠡᠭᠦᠯᠬᠦ ᠵᠡᠷᠭᠡ ᠬᠦᠷᠢᠶ᠎ᠡ ᠴᠠᠷᠠᠭᠠᠨ ᠳᠤ ᠨᠢᠭᠡ ᠪᠦᠯᠦᠭ ᠭᠤᠣᠯᠳᠠᠯᠭ᠎ᠠ ᠲᠠᠢ ᠢᠨᠵᠧᠨᠧᠷᠢᠩ ᠢ ᠲᠥᠯᠥᠪᠵᠢᠭᠦᠯᠦᠨ ᠬᠡᠷᠡᠭᠵᠢᠭᠦᠯᠦᠨ᠎ᠡ᠃ ᠨᠡᠭᠦᠷᠡᠰᠦᠳᠦ᠋ᠷᠦᠭᠴᠢ ᠶᠢᠨ ᠬᠤᠷᠠᠮᠠᠯ ᠤᠨ ︽ᠰᠠᠶᠢᠨ ᠠᠷᠠᠯᠵᠢᠶ᠎ᠠ︾ ᠶᠢ ᠶᠡᠭᠡ ᠪᠠᠷ ᠬᠥᠭᠵᠢᠭᠦᠯᠬᠦ ᠪᠠᠷ ᠴᠢᠷᠮᠠᠶᠢᠨ᠎ᠠ᠂ ᠤᠢ ᠰᠢᠭᠤᠢ ᠨᠤᠲᠤᠭ ᠪᠡᠯᠴᠢᠭᠡᠷ ᠤᠨ ᠨᠡᠭᠦᠷᠡᠰᠦᠳᠦ᠋ᠷᠦᠭᠴᠢ ᠬᠤᠷᠠᠭᠤᠯᠬᠤ ᠴᠢᠳᠠᠪᠤᠷᠢ ᠶᠢ ᠳᠡᠭᠡᠭᠰᠢᠯᠡᠭᠦᠯᠬᠦ ᠠᠵᠢᠯᠯᠠᠭᠠᠨ ᠢ ᠭᠦᠨᠵᠡᠭᠡᠢ ᠬᠡᠷᠡᠭᠵᠢᠭᠦᠯᠵᠦ᠂ ᠤᠯᠤᠰ ᠤᠨ ᠨᠡᠭᠦᠷᠡᠰᠦᠳᠦ᠋ᠷᠦᠭᠴᠢ ᠶᠢᠨ ᠠᠷᠠᠯᠵᠢᠶᠠᠨ ᠤ ᠵᠠᠬ᠎ᠠ ᠳᠡᠯᠭᠡᠭᠦᠷ ᠤᠨ ᠪᠠᠶᠢᠭᠤᠯᠤᠯᠲᠠ ᠳᠤ ᠢᠳᠡᠪᠬᠢᠲᠡᠢ ᠪᠠᠷ ᠣᠷᠣᠯᠴᠠᠨ᠂ ᠬᠥᠯᠥᠨ ᠪᠦᠢᠷ᠂ ᠬᠢᠩᠭᠠᠨ ᠠᠶᠢᠮᠠᠭ᠂ ᠤᠯᠠᠭᠠᠨᠬᠠᠳᠠ ᠵᠡᠷᠭᠡ ᠭᠠᠵᠠᠷ ᠤᠨ ᠠᠮᠢ ᠠᠬᠤᠢ ᠶᠢᠨ ᠪᠦᠲᠦᠭᠡᠭᠳᠡᠬᠦᠨ ᠤ ᠦᠨ᠎ᠡ ᠥᠷᠲᠡᠭ ᠤᠨ ᠪᠡᠶᠡᠯᠡᠭᠳᠡᠯ ᠤᠨ ᠲᠣᠭᠲᠠᠴᠠ ᠶᠢ ᠰᠦᠪᠡᠭᠴᠢᠯᠡᠬᠦ ᠶᠢ ᠨᠢ ᠳᠡᠮᠵᠢᠵᠦ᠂ ᠠᠭᠤᠳᠠᠮ ᠲᠡᠨᠢᠭᠡᠷ ᠲᠠᠯ᠎ᠠ ᠨᠤᠲᠤᠭ᠂ ᠢᠭᠴᠤ ᠰᠠᠬᠤᠯᠢᠭ ᠣᠢ ᠰᠢᠭᠤᠢ᠂ ᠨᠡᠯᠦ᠋ᠢᠮ᠎ᠡ ᠶᠡᠭᠡ ᠨᠤᠭᠤ ᠭᠠᠵᠠᠷ ᠠᠴᠠ ᠨᠡᠩ ᠣᠯᠠᠨ ᠨᠡᠭᠦᠷᠡᠰᠦᠳᠦ᠋ᠷᠦᠭᠴᠢ ᠶᠢᠨ ᠬᠤᠷᠠᠮᠠᠯ ᠤᠨ ᠰᠢᠯᠢᠳᠡᠭ ᠪᠦᠲᠦᠭᠡᠭᠳᠡᠬᠦᠨ ᠤᠯᠠᠷᠢᠭᠤᠯᠤᠨ ᠭᠠᠷᠭᠠᠨ᠎ᠠ᠃
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠤᠨ