ᠣᠯᠠᠨ ᠰᠠᠯᠠᠭ᠎ᠠ ᠮᠥᠴᠢᠷ ᠬᠠᠮᠲᠤᠷᠠᠨ ᠶᠡᠭᠡ ᠳᠡᠭᠡᠳᠦ ᠰᠤᠷᠭᠠᠭᠤᠯᠢ ᠶᠢᠨ ᠰᠤᠷᠤᠬᠴᠢᠳ ᠤᠨ ᠪᠠᠶᠢᠷᠢ ᠶᠢᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠵᠤ ᠪᠠᠶᠢᠨ᠎ᠠ
ᠨᠡᠶᠢᠲᠡᠯᠡᠭᠰᠡᠨ ᠴᠠᠭ᠄
2024/3/1
       ᠤᠯᠤᠰ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ᠂ ᠰᠤᠷᠭᠠᠨ ᠬᠥᠮᠦᠵᠢᠯ ᠤᠨ ᠶᠠᠮᠤᠨ ᠵᠡᠷᠭᠡ 7 ᠰᠠᠯᠠᠭ᠎ᠠ ᠮᠥᠴᠢᠷ 18 ᠤ ᠡᠳᠦᠷ ︽ᠶᠡᠭᠡ ᠳᠡᠭᠡᠳᠦ ᠰᠤᠷᠭᠠᠭᠤᠯᠢ ᠶᠢᠨ ᠰᠤᠷᠤᠬᠴᠢᠳ ᠤᠨ ᠪᠠᠶᠢᠷᠢ ᠶᠢᠨ ᠪᠦᠲᠦᠭᠡᠨ ᠪᠠᠶᠢᠭᠤᠯᠤᠯᠲᠠ ᠶᠢ ᠴᠢᠩᠭᠠᠳᠬᠠᠬᠤ ᠲᠤᠬᠠᠢ ᠵᠢᠯᠤᠭᠤᠳᠬᠤ ᠰᠠᠨᠠᠯ︾ ᠢ ᠨᠡᠶᠢᠲᠡᠯᠡᠵᠦ᠂ 4 ᠲᠠᠯ᠎ᠠ ᠠᠴᠠ 11 ᠵᠦᠢᠯ ᠤᠨ ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ ᠶᠢ ᠳᠤᠷᠠᠳᠤᠨ ᠭᠠᠷᠭᠠᠪᠠ᠃ ᠵᠢᠯᠤᠭᠤᠳᠬᠤ ᠰᠠᠨᠠᠯ ᠳᠤ᠂ ᠶᠡᠭᠡ ᠳᠡᠭᠡᠳᠦ ᠰᠤᠷᠭᠠᠭᠤᠯᠢ ᠶᠢ ᠬᠥᠲᠥᠯᠥᠨ ᠵᠢᠯᠤᠭᠤᠳᠴᠤ ᠪᠠᠶᠢᠭᠠᠳ ᠰᠢᠨ᠎ᠡ ᠪᠠᠷ ᠪᠠᠶᠢᠭᠤᠯᠬᠤ᠂ ᠥᠭᠡᠷᠡᠴᠢᠯᠡᠵᠦ ᠥᠷᠭᠡᠳᠬᠡᠨ ᠪᠠᠶᠢᠭᠤᠯᠬᠤ᠂ ᠰᠡᠯᠪᠢᠨ ᠵᠠᠰᠠᠬᠤ᠂ ᠤᠭᠰᠠᠷᠠᠭᠤᠯᠤᠨ ᠥᠭᠡᠷᠡᠴᠢᠯᠡᠵᠦ ᠳᠡᠭᠡᠭᠰᠢᠯᠡᠭᠦᠯᠭᠦ ᠵᠡᠷᠭᠡ ᠣᠯᠠᠨ ᠵᠦᠢᠯ ᠤᠨ ᠠᠷᠭ᠎ᠠ ᠭᠡᠯᠪᠡᠷᠢ ᠪᠠᠷ ᠳᠠᠮᠵᠢᠭᠤᠯᠤᠨ᠂ ᠶᠡᠭᠡ ᠳᠡᠭᠡᠳᠦ ᠰᠤᠷᠭᠠᠭᠤᠯᠢ ᠶᠢᠨ ᠰᠣᠷᠣᠬᠴᠢ ᠶᠢᠨ ᠪᠠᠶᠢᠷᠢ ᠶᠢᠨ ᠳᠤᠲᠠᠭᠤᠳᠠᠯ ᠢ ᠨᠥᠬᠦᠪᠦᠷᠢᠯᠡᠨ᠎ᠡ ᠭᠡᠵᠦ ᠳᠤᠷᠠᠳᠪᠠ᠃       ᠵᠢᠯᠤᠭᠤᠳᠬᠤ ᠰᠠᠨᠠᠯ ᠳᠤ᠂ ᠪᠠᠶᠢᠷᠢ ᠶᠢᠨ ᠲᠠᠯᠠᠪᠠᠶ ᠶᠢᠨ ᠳᠤᠲᠠᠭᠤᠳᠠᠯ ᠶᠡᠭᠡ᠂ ᠰᠢᠨ᠎ᠡ ᠪᠠᠷ ᠪᠠᠶᠢᠭᠤᠯᠬᠤ ᠨᠥᠬᠦᠴᠡᠯ ᠢ ᠪᠦᠷᠢᠯᠳᠦᠭᠦᠯᠦᠭᠰᠡᠨ ᠶᠡᠭᠡ ᠳᠡᠭᠡᠳᠦ ᠰᠤᠷᠭᠠᠭᠤᠯᠢ ᠶᠢᠨ︽ᠡᠩ ᠤᠨ ᠶᠡᠭᠡ ᠳᠡᠭᠡᠳᠦ ᠰᠤᠷᠭᠠᠭᠤᠯᠢ ᠶᠢᠨ ᠪᠠᠷᠢᠯᠭ᠎ᠠ ᠶᠢᠨ ᠲᠠᠯᠠᠪᠠᠶ ᠶᠢᠨ ᠵᠢᠭᠠᠯᠲᠠ ᠲᠤᠭ᠎ᠠ︾ ︵191-2018︶ ᠪᠠᠷ ᠯᠠᠪᠯᠠᠯᠲᠠ ᠪᠤᠯᠭᠠᠵᠤ ᠨᠢᠭᠡ ᠪᠦᠯᠦᠭ ᠰᠣᠷᠣᠬᠴᠢ ᠶᠢᠨ ᠪᠠᠶᠢᠷᠢ ᠶᠢ ᠰᠢᠨ᠎ᠡ ᠪᠠᠷ ᠪᠠᠶᠢᠭᠤᠯᠬᠤ ᠶᠢ ᠳᠡᠮᠵᠢᠨ᠎ᠡ᠃ ᠰᠢᠨ᠎ᠡ ᠪᠠᠷ ᠪᠠᠶᠢᠭᠤᠯᠤᠭᠰᠠᠨ ᠪᠠᠶᠢᠷᠢ ᠶᠢᠨ ᠵᠢᠩᠬᠢᠨᠢ ᠠᠩᠭᠢ ᠶᠢᠨ ᠳᠥᠷᠪᠡᠨ ᠬᠥᠮᠥᠨ ᠤ ᠥᠷᠥᠭᠡ᠂ ᠠᠰᠫᠢᠷᠠᠨᠲ ᠤᠨ ᠬᠤᠶᠠᠷ ᠬᠥᠮᠥᠨ ᠤ ᠥᠷᠥᠭᠡ᠂ ᠳ᠋ᠣᠺᠲ᠋ᠣᠷᠠᠨᠲ ᠤᠨ ᠭᠠᠭᠴᠠ ᠬᠥᠮᠥᠨ ᠤ ᠥᠷᠥᠭᠡ ᠶᠢᠨ ᠪᠠᠷᠢᠮᠵᠢᠶ᠎ᠠ ᠪᠠᠷ ᠯᠠᠪᠯᠠᠯᠲᠠ ᠪᠣᠯᠭᠠᠨ ᠲᠥᠯᠥᠪᠵᠢᠭᠦᠯᠦᠨ ᠪᠠᠶᠢᠭᠤᠯᠬᠤ ᠶᠢ ᠵᠣᠷᠢᠭᠵᠢᠭᠤᠯᠤᠨ᠎ᠠ᠃ ᠣᠷᠣᠨ ᠨᠤᠲᠤᠭ ᠤᠨ ᠵᠠᠰᠠᠭ ᠤᠨ ᠣᠷᠳᠣᠨ ᠢ ᠬᠥᠲᠥᠯᠥᠨ ᠵᠢᠯᠤᠭᠤᠳᠴᠤ ᠪᠠᠶᠢᠭᠠᠳ ᠰᠤᠯᠠ ᠪᠠᠶᠢᠭ᠎ᠠ ᠡᠬᠢ ᠪᠠᠶᠠᠯᠢᠭ ᠢ ᠰᠢᠯᠢᠳᠡᠭᠵᠢᠭᠦᠯᠦᠨ ᠠᠰᠢᠭᠯᠠᠵᠤ᠂ ᠶᠡᠭᠡ ᠳᠡᠭᠡᠳᠦ ᠰᠤᠷᠭᠠᠭᠤᠯᠢ ᠶᠢᠨ ᠰᠤᠷᠤᠬᠴᠢᠳ ᠤᠨ ᠪᠠᠶᠢᠷᠢ ᠶᠢᠨ ︽ᠬᠠᠭᠤᠴᠢᠨ ᠢ ᠨᠤᠷᠠᠭᠠᠵᠤ ᠰᠢᠨ᠎ᠡ ᠶᠢ ᠪᠠᠶᠢᠭᠤᠯᠬᠤ︾᠂ ᠰᠢᠨᠡᠳᠬᠡᠨ ᠥᠭᠡᠷᠡᠴᠢᠯᠡᠬᠦ ᠳᠤ ᠡᠷᠭᠢᠯᠲᠡ ᠶᠢᠨ ᠣᠷᠣᠨ ᠰᠠᠭᠤᠴᠠ ᠬᠠᠩᠭᠠᠨ᠎ᠠ᠃ ᠡᠬᠢ ᠪᠠᠶᠠᠯᠢᠭ ᠤᠨ ᠳᠤᠲᠠᠭᠤᠳᠠᠯ ᠶᠡᠬᠡᠲᠡᠢ ᠮᠥᠷᠲᠡᠭᠡᠨ ᠰᠢᠨ᠎ᠡ ᠪᠠᠷ ᠪᠠᠶᠢᠭᠤᠯᠬᠤ ᠳᠤ ᠨᠡᠯᠢᠶᠡᠳ ᠬᠦᠴᠢᠷᠲᠡᠢ ᠶᠡᠭᠡ ᠳᠡᠭᠡᠳᠦ ᠰᠤᠷᠭᠠᠭᠤᠯᠢ ᠶᠢ ᠵᠢᠯᠤᠭᠤᠳᠴᠤ ᠪᠠᠶᠢᠭᠠᠳ ᠰᠤᠷᠭᠠᠭᠤᠯᠢ ᠶᠢᠨ ᠳᠣᠲᠣᠷᠠᠬᠢ ᠵᠣᠴᠢᠯᠠᠬᠤ ᠭᠠᠵᠠᠷ᠂ ᠪᠣᠯᠪᠠᠰᠤᠷᠠᠯ ᠤᠨ ᠲᠥᠪ ᠵᠡᠷᠭᠡ ᠪᠠᠶᠢᠷᠢ ᠪᠣᠯᠭᠠᠨ ᠰᠠᠭᠤᠬᠤ ᠴᠢᠳᠠᠮᠵᠢ ᠲᠠᠢ ᠭᠡᠷ ᠪᠠᠶᠢᠰᠢᠩ ᠢ ᠥᠭᠡᠷᠡᠴᠢᠯᠡᠨ ᠰᠢᠨᠡᠳᠬᠡᠵᠦ ᠠᠰᠢᠭᠯᠠᠭᠤᠯᠤᠨ᠎ᠠ᠃ ᠶᠡᠭᠡ ᠳᠡᠭᠡᠳᠦ ᠰᠤᠷᠭᠠᠭᠤᠯᠢ ᠶᠢᠨ ᠡᠷᠭᠢᠨ ᠲᠣᠭᠤᠷᠢᠨ ᠤ ᠴᠢᠳᠠᠪᠤᠷᠢᠲᠠᠨ ᠤ ᠨᠡᠶᠢᠲᠡ ᠶᠢᠨ ᠪᠠᠶᠢᠷᠢ᠂ ᠬᠤᠳᠠᠯᠳᠤᠭᠠᠨ ᠤ ᠣᠷᠣᠨ ᠰᠠᠭᠤᠴᠠ ᠶᠢᠨ ᠠᠰᠠᠷ ᠵᠡᠷᠭᠡ ᠨᠡᠶᠢᠭᠡᠮ ᠳᠤ ᠬᠡᠷᠡᠭᠯᠡᠬᠦ ᠭᠡᠷ ᠪᠠᠶᠢᠰᠢᠩ ᠢ ᠬᠤᠳᠠᠯᠳᠤᠨ ᠠᠪᠬᠤ᠂ ᠲᠦᠷᠢᠶᠡᠰᠦᠯᠡᠬᠦ ᠪᠠᠷ ᠳᠠᠮᠵᠢᠭᠤᠯᠤᠨ ᠪᠠᠶᠢᠷᠢ ᠶᠢᠨ ᠡᠬᠢ ᠪᠠᠶᠠᠯᠢᠭ ᠢ ᠨᠥᠬᠦᠪᠦᠷᠢᠯᠡᠬᠦ ᠶᠢᠨ ᠬᠠᠮᠲᠤ᠂ ᠰᠤᠷᠭᠠᠭᠤᠯᠢ ᠶᠢᠨ ᠳᠣᠲᠣᠭᠠᠳᠤ ᠶᠢᠨ ᠠᠳᠠᠯᠢ ᠲᠡᠭᠰᠢ ᠪᠠᠷᠢᠮᠵᠢᠶ᠎ᠠ ᠶᠣᠰᠣᠭᠠᠷ᠂ ᠢᠵᠢ ᠪᠦᠷᠢᠳᠦᠭᠰᠡᠨ ᠦᠢᠯᠡᠴᠢᠯᠡᠭᠡᠨ ᠤ ᠬᠠᠮᠢᠶᠠᠷᠤᠯᠲᠠ ᠶᠢ ᠴᠢᠩᠭᠠᠳᠬᠠᠬᠤ ᠶᠢ ᠵᠣᠷᠢᠭᠵᠢᠭᠤᠯᠤᠨ᠎ᠠ ᠭᠡᠵᠦ ᠲᠣᠳᠣᠷᠬᠠᠶᠢᠯᠠᠪᠠ᠃       ᠵᠢᠯᠤᠭᠤᠳᠬᠤ ᠰᠠᠨᠠᠯ ᠳᠤ᠂ ᠪᠠᠶᠢᠷᠢ ᠶᠢᠨ ᠰᠦᠢᠳᠬᠡᠯ ᠬᠤᠷᠢᠶᠠᠬᠤ ᠪᠠᠷᠢᠮᠵᠢᠶ᠎ᠠ ᠶᠢ ᠵᠦᠢ ᠵᠣᠬᠢᠰᠲᠠᠢ ᠲᠣᠬᠢᠷᠠᠭᠤᠯᠤᠨ᠎ᠠ᠃ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠵᠠᠷᠴᠢᠮ ᠵᠢᠴᠢ ᠲᠣᠭᠲᠠᠭᠠᠭᠰᠠᠨ ᠳᠡᠰ ᠳᠠᠷᠠᠭᠠᠯᠠᠯ ᠶᠣᠰᠣᠭᠠᠷ᠂ ᠲᠤᠬᠠᠢ ᠶᠢᠨ ᠭᠠᠵᠠᠷ ᠤᠨ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠲᠦᠪᠰᠢᠨ᠂ ᠰᠤᠷᠤᠬᠴᠢᠳ ᠤᠨ ᠭᠡᠷ ᠪᠦᠯᠢ ᠶᠢᠨ ᠠᠵᠤ ᠠᠬᠤᠢ ᠶᠢᠨ ᠳᠠᠭᠠᠭᠠᠬᠤ ᠴᠢᠳᠠᠪᠤᠷᠢ ᠪᠣᠯᠣᠨ  ᠶᠡᠭᠡ ᠳᠡᠭᠡᠳᠦ ᠰᠤᠷᠭᠠᠭᠤᠯᠢ ᠶᠢᠨ ᠰᠤᠷᠤᠬᠴᠢᠳ ᠤᠨ ᠪᠠᠶᠢᠷᠢ ᠶᠢ ᠬᠠᠮᠠᠭᠠᠯᠠᠬᠤ ᠠᠵᠢᠯᠯᠠᠭᠠᠨ ᠤ ᠥᠪᠡᠷ ᠤᠨ ᠥᠷᠲᠡᠭ ᠵᠡᠷᠭᠡ ᠬᠦᠴᠦᠨ ᠵᠦᠢᠯ ᠢ ᠶᠡᠷᠦᠩᠬᠡᠶᠢᠯᠡᠨ ᠪᠣᠳᠣᠯᠬᠢᠯᠠᠵᠤ᠂ ᠶᠡᠭᠡ ᠳᠡᠭᠡᠳᠦ ᠰᠤᠷᠭᠠᠭᠤᠯᠢ ᠶᠢᠨ ᠪᠠᠶᠢᠷᠢ ᠶᠢᠨ ᠰᠦᠢᠳᠬᠡᠯ ᠤᠨ ᠪᠠᠷᠢᠮᠵᠢᠶ᠎ᠠ ᠶᠢᠨ ᠬᠥᠳᠡᠯᠦᠩᠭᠦᠢ ᠲᠣᠬᠢᠷᠠᠭᠤᠯᠤᠯᠲᠠ ᠶᠢ ᠯᠠᠪᠳᠠᠭᠤᠨ ᠢᠶᠠᠷ ᠠᠬᠢᠭᠤᠯᠵᠤ᠂ ᠥᠪᠡᠷ ᠤᠨ ᠥᠷᠲᠡᠭ ᠢ ᠬᠤᠪᠢᠳᠠᠨ ᠡᠭᠦᠷᠭᠡᠯᠡᠬᠦ ᠵᠦᠢ ᠵᠣᠬᠢᠰᠲᠠᠢ ᠲᠣᠭᠲᠠᠴᠠ ᠶᠢ ᠪᠠᠶᠢᠭᠤᠯᠤᠨ᠎ᠠ᠃ ᠭᠡᠷ ᠪᠦᠯᠢ ᠶᠢᠨ ᠠᠵᠤ ᠠᠬᠤᠢ ᠨᠢ ᠬᠦᠴᠢᠷᠳᠡᠯᠲᠡᠢ ᠰᠤᠷᠤᠬᠴᠢᠳ ᠲᠤ ᠵᠣᠭᠤᠰ ᠢᠶᠠᠷ ᠲᠤᠰᠠᠯᠠᠬᠤ ᠲᠥᠷᠥ ᠶᠢᠨ ᠪᠣᠳᠣᠯᠭ᠎ᠠ ᠶᠢ ᠲᠣᠭᠲᠠᠭᠠᠯ ᠶᠣᠰᠣᠭᠠᠷ ᠰᠠᠶᠢᠲᠤᠷ ᠨᠠᠶᠢᠳᠠᠪᠤᠷᠢᠵᠢᠭᠤᠯᠵᠤ᠂ ᠦᠨᠳᠦᠰᠦᠨ ᠰᠤᠷᠤᠯᠭ᠎ᠠ ᠠᠮᠢᠳᠤᠷᠠᠯ ᠤᠨ ᠬᠡᠷᠡᠭᠴᠡᠭᠡ ᠱᠠᠭᠠᠷᠳᠠᠯᠭ᠎ᠠ ᠶᠢ ᠪᠠᠲᠤᠯᠠᠨ᠎ᠠ ᠭᠡᠵᠦ ᠳᠤᠷᠠᠳᠪᠠ᠃       ᠵᠢᠯᠤᠭᠤᠳᠬᠤ ᠰᠠᠨᠠᠯ ᠳᠤ᠂ ᠰᠣᠷᠣᠬᠴᠢ ᠡᠯᠰᠡᠬᠦ ᠲᠥᠯᠥᠪᠯᠡᠭᠡ ᠶᠢ ᠪᠠᠶᠢᠷᠢ ᠶᠢᠨ ᠲᠠᠯᠠᠪᠠᠶ ᠲᠠᠢ ᠬᠤᠯᠪᠣᠭᠳᠠᠭᠤᠯᠬᠤ ᠶᠢ ᠠᠬᠢᠭᠤᠯᠤᠨ᠎ᠠ᠃ ᠶᠡᠭᠡ ᠳᠡᠭᠡᠳᠦ ᠰᠤᠷᠭᠠᠭᠤᠯᠢ ᠶᠢ ᠬᠥᠲᠥᠯᠥᠨ ᠵᠢᠯᠤᠭᠤᠳᠴᠤ ᠪᠠᠶᠢᠭᠠᠳ ᠰᠤᠷᠭᠠᠭᠤᠯᠢ ᠡᠷᠭᠢᠯᠡᠭᠦ ᠦᠨᠳᠦᠰᠦᠨ ᠨᠥᠬᠦᠴᠡᠯ ᠬᠢᠭᠡᠳ ᠬᠥᠭᠵᠢᠯᠲᠡ ᠶᠢᠨ ᠬᠡᠪᠴᠢᠶ᠎ᠡ ᠯᠦᠭᠡ ᠬᠠᠷᠢᠯᠴᠠᠨ ᠵᠣᠬᠢᠴᠠᠭᠰᠠᠨ ᠣᠷᠳᠣ ᠬᠤᠭᠤᠴᠠᠭᠠᠨ ᠤ ᠪᠦᠲᠦᠮᠵᠢᠲᠡᠶ ᠲᠣᠭᠲᠠᠴᠠ ᠶᠢ ᠪᠦᠷᠢᠨᠰᠢᠭᠦᠯᠵᠦ᠂ ᠶᠡᠭᠡ ᠳᠡᠭᠡᠳᠦ ᠰᠤᠷᠭᠠᠭᠤᠯᠢ ᠶᠢᠨ ᠰᠣᠷᠣᠬᠴᠢ ᠡᠯᠰᠡᠬᠦ ᠲᠥᠯᠥᠪᠯᠡᠭᠡ ᠶᠢᠨ ᠲᠣᠬᠢᠷᠠᠭᠤᠯᠤᠯᠲᠠ ᠶᠢ ᠪᠠᠶᠢᠷᠢ ᠶᠢᠨ ᠲᠠᠯᠠᠪᠠᠶ ᠶᠢᠨ ᠪᠠᠷᠢᠮᠵᠢᠶ᠎ᠠ ᠳᠤ ᠬᠦᠷᠦᠭᠦᠯᠬᠦ ᠯᠦᠭᠡ ᠬᠤᠯᠪᠣᠭᠳᠠᠭᠤᠯᠬᠤ ᠶᠢ ᠠᠬᠢᠭᠤᠯᠤᠨ᠂ ᠶᠡᠭᠡ ᠳᠡᠭᠡᠳᠦ ᠰᠤᠷᠭᠠᠭᠤᠯᠢ ᠶᠢᠨ ᠰᠣᠷᠣᠬᠴᠢ ᠶᠢᠨ ᠪᠠᠶᠢᠷᠢ ᠶᠢᠨ ᠪᠠᠷᠢᠮᠵᠢᠶ᠎ᠠ ᠳᠤ ᠭᠦᠷᠦᠭᠰᠡᠨ ᠪᠠᠶᠢᠳᠠᠯ ᠢ ᠰᠣᠷᠣᠬᠴᠢ ᠡᠯᠰᠡᠬᠦ ᠲᠥᠯᠥᠪᠯᠡᠭᠡ ᠶᠢᠨ ᠲᠣᠬᠢᠷᠠᠭᠤᠯᠤᠯᠲᠠ ᠶᠢᠨ ᠴᠢᠬᠤᠯᠠ ᠯᠠᠪᠯᠠᠬᠤ ᠬᠦᠴᠦᠨ ᠵᠦᠢᠯ ᠪᠣᠯᠭᠠᠨ᠎ᠠ᠃ ᠰᠤᠷᠤᠬᠴᠢᠳ ᠤᠨ ᠪᠠᠶᠢᠷᠢ ᠶᠢᠨ ᠲᠠᠯᠠᠪᠠᠶ ᠶᠢᠨ ᠶᠡᠷᠦᠩᠬᠡᠢ ᠬᠡᠮᠵᠢᠶ᠎ᠡ ᠨᠢ ᠶᠡᠭᠡ᠂ ᠰᠤᠷᠤᠬᠴᠢᠳ ᠤᠨ ᠲᠤᠰᠬᠠᠯ ᠴᠢᠩᠭ᠎ᠠ ᠪᠠᠶᠢᠭ᠎ᠠ ᠶᠡᠭᠡ ᠳᠡᠭᠡᠳᠦ ᠰᠤᠷᠭᠠᠭᠤᠯᠢ ᠳᠤ ᠵᠠᠷᠴᠢᠮ ᠳᠡᠭᠡᠷ᠎ᠡ ᠪᠠᠨ ᠰᠣᠷᠣᠬᠴᠢ ᠡᠯᠰᠡᠬᠦ ᠵᠢᠭᠠᠯᠲᠠ ᠲᠤᠭ᠎ᠠ ᠶᠢ ᠰᠢᠨ᠎ᠡ ᠪᠠᠷ ᠨᠡᠮᠡᠵᠦ ᠲᠣᠬᠢᠷᠠᠭᠤᠯᠵᠤ ᠪᠤᠯᠬᠤ ᠦᠭᠡᠢ᠂ ᠠᠰᠠᠭᠤᠳᠠᠯ ᠲᠣᠪᠣᠶᠢᠮ᠎ᠠ ᠪᠠᠶᠢᠪᠠᠯ ᠰᠣᠷᠣᠬᠴᠢ ᠡᠯᠰᠡᠬᠦ ᠵᠢᠭᠠᠯᠲᠠ ᠲᠤᠭ᠎ᠠ ᠶᠢ ᠪᠠᠭᠠᠰᠬᠠᠨ᠎ᠠ ᠭᠡᠵᠦ ᠲᠣᠳᠣᠷᠬᠠᠶᠢᠯᠠᠪᠠ᠃       ᠵᠢᠯᠤᠭᠤᠳᠬᠤ ᠰᠠᠨᠠᠯ ᠳᠤ ᠪᠠᠰᠠ᠂ ᠰᠤᠷᠤᠬᠴᠢᠳ ᠤᠨ ᠪᠠᠶᠢᠷᠢ ᠶᠢᠨ ᠴᠢᠳᠠᠮᠵᠢ ᠶᠢᠨ ᠲᠣᠬᠢᠷᠠᠭᠤᠯᠤᠯᠲᠠ ᠶᠢ ᠰᠢᠯᠢᠳᠡᠭᠵᠢᠭᠦᠯᠵᠦ᠂ ᠣᠷᠣᠨ ᠵᠠᠢ ᠶᠢ ᠬᠠᠮᠲᠤ ᠪᠠᠷ ᠡᠳ᠋ᠯᠡᠬᠦ ᠪᠠ ᠨᠡᠶᠢᠯᠡᠭᠦᠯᠦᠨ ᠠᠰᠢᠭᠯᠠᠬᠤ ᠶᠢ ᠴᠢᠩᠭᠠᠳᠬᠠᠵᠤ᠂ ᠨᠠᠮ ᠤᠨ ᠪᠠᠶᠢᠭᠤᠯᠤᠯᠲᠠ᠂ ᠰᠤᠷᠤᠯᠴᠠᠯᠭ᠎ᠠ᠂ ᠰᠡᠯᠡᠭᠦᠴᠡᠯ᠂ ᠵᠤᠭ᠎ᠠ ᠴᠡᠩᠭᠡᠯ᠂ ᠪᠡᠶ᠎ᠡ ᠴᠢᠭᠢᠷᠠᠭᠵᠢᠭᠤᠯᠬᠤ᠂ ᠨᠡᠶᠢᠭᠡᠮ ᠤᠨ ᠪᠦᠯᠭᠦᠮ ᠤᠨ ᠠᠵᠢᠯᠯᠠᠭ᠎ᠠ ᠵᠡᠷᠭᠡ ᠣᠷᠣᠨ ᠵᠠᠢ ᠶᠢ ᠰᠤᠷᠤᠬᠴᠢᠳ ᠤᠨ ᠪᠠᠶᠢᠷᠢ ᠲᠠᠢ ᠵᠡᠷᠭᠡ ᠪᠠᠷ ᠲᠥᠯᠥᠪᠵᠢᠭᠦᠯᠵᠦ᠂ ᠵᠡᠷᠭᠡ ᠪᠠᠷ ᠪᠦᠲᠦᠭᠡᠨ ᠪᠠᠶᠢᠭᠤᠯᠵᠤ᠂ ᠭᠠᠯ ᠤᠨᠲᠠᠷᠠᠭᠠᠬᠤ ᠲᠥᠬᠦᠭᠡᠷᠦᠮᠵᠢ ᠶᠢ ᠰᠢᠨᠵᠢᠯᠡᠬᠦ ᠤᠬᠠᠭᠠᠨᠴᠢ ᠪᠠᠷ ᠲᠣᠬᠢᠷᠠᠭᠤᠯᠤᠨ᠎ᠠ ᠭᠡᠵᠦ ᠳᠤᠷᠠᠳᠪᠠ᠃
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ