ᠬᠦᠯᠤᠨ ᠪᠤᠶᠢᠷ ᠤᠨ ᠲᠠᠯ᠎ᠠ ᠨᠤᠳᠤᠭ · ᠮᠡᠷᠬᠡᠯ ᠭᠤᠤᠯ ᠤᠨ ᠦᠵᠡᠮᠵᠢ ᠶᠢᠨ ᠤᠷᠤᠨ ᠤᠯᠤᠰ ᠤᠨ ᠨᠡᠷᠡᠳᠤ ᠲᠡᠮᠳᠡᠭ ︽ᠠᠯᠲᠠᠨ ᠦᠰᠦᠭᠳᠤ ᠫᠠᠶᠢᠰᠠ︾ ᠶᠢ ᠬᠦᠷᠲᠡᠪᠡ
ᠨᠡᠶᠢᠲᠡᠯᠡᠭᠰᠡᠨ ᠴᠠᠭ᠄
2024/3/1
       ᠬᠦᠯᠤᠨ ᠪᠤᠶᠢᠷ ᠬᠤᠲᠠ ᠶᠢᠨ ᠠᠩᠬᠠᠲᠠᠭᠴᠢ ᠲᠠᠯ᠎ᠠ ᠨᠤᠳᠤᠭ ᠢᠶᠠᠷ ᠭᠤᠤᠯ ᠰᠡᠳᠤᠪ ᠪᠤᠯᠭᠭᠠᠰᠠᠨ ᠤᠯᠤᠰ ᠤᠨ 5A ᠲᠡᠰ ᠤᠨ ᠵᠢᠭᠤᠯᠴᠢᠯᠠᠯ ᠤᠨ ᠦᠵᠠᠮᠵᠢ  ᠶᠢᠨ ᠤᠷᠤᠨ᠂ ᠬᠦᠯᠤᠨ ᠪᠤᠶᠢᠷ ᠤᠨ ᠲᠠᠯ᠎ᠠ ᠨᠤᠳᠤᠭ᠂ ᠮᠡᠷᠬᠡᠯ ᠭᠤᠤᠯ ᠤᠨ ᠦᠵᠡᠮᠵᠢ ᠶᠢᠨ ᠤᠷᠤᠨ ᠳᠤ᠂ ︽ᠠᠷᠪᠠᠨ ᠲᠦᠷᠪᠡᠳᠦᠬᠡᠷ ᠬᠤᠭᠤᠴᠠᠭᠠᠨ ᠤ ᠪᠦᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠭᠯᠠᠭᠠᠨ︾ ᠤ ᠬᠦᠷ ᠨᠠᠷᠬᠢᠶᠠᠨ ᠢᠶᠠᠷ ᠪᠢᠯᠬᠠᠵᠦ᠂ ᠠᠲᠠ ᠪᠦᠬᠦ ᠤᠯᠤᠰ ᠤᠨ ᠲᠦᠷᠪᠡᠨ ᠵᠦᠭ ᠨᠠᠶᠢᠮᠠᠨ ᠵᠤᠪᠬᠢᠰ ᠠᠴᠠ ᠢᠷᠡᠭᠰᠡᠨ ᠬᠦᠮᠤᠰ ᠬᠤᠷᠠᠨ ᠴᠤᠭᠯᠠᠷᠠᠵᠦ᠂ ᠲᠠᠭᠤᠤ ᠲᠠᠭᠤᠯᠠᠨ ᠪᠦᠵᠢᠭ ᠪᠦᠵᠢᠭᠯᠡᠨ ᠤᠷᠠᠨ ᠰᠠᠶᠢᠬᠠᠨ ᠤ ᠲᠤᠭᠯᠠᠯᠲᠠ ᠭᠠᠷᠭᠠᠵᠦ᠂ ︽ᠡᠳᠤᠷ ᠪᠦᠷᠢ  ᠶᠢᠨ ᠴᠠᠰᠤ ᠮᠦᠰᠤᠨ ᠤ ᠨᠠᠭᠠᠳᠤᠮ︾ ︽ᠮᠦᠰᠤᠨ ᠬᠡᠷ ᠤᠨ ᠬᠠᠯᠠᠭᠤᠨ ᠲᠤᠭᠤᠭ᠎ᠠ︾ ᠵᠡᠷᠬᠡ ᠮᠦᠰᠤ ᠴᠠᠰᠤᠨ ᠤ ᠠᠵᠢᠯᠯᠠᠭ᠎ᠠ ᠡᠬᠡᠯᠵᠢᠯᠠᠨ ᠶᠠᠪᠤᠭᠲᠠᠵᠦ᠂ ᠡᠪᠤᠯ  ᠤᠨ ᠤᠯᠠᠷᠢᠯ ᠤᠨ ᠲᠠᠮᠢᠷ ᠤᠨ ᠴᠤᠭᠯᠠᠭᠠᠨ ᠳᠤ ᠬᠦᠴᠤ ᠨᠡᠮᠡᠷᠢᠯᠡᠨ᠎ᠡ᠃
20240301-1.jpg
       ᠡᠪᠤᠯ ᠤᠨ ᠤᠯᠠᠷᠢᠯ ᠤᠨ ᠮᠡᠷᠬᠡᠯ ᠭᠤᠤᠯ ᠶᠠᠭ ᠯᠡ ᠠᠪᠤᠷᠭᠤ ᠮᠦᠩᠬᠦᠨ ᠴᠠᠭᠠᠨ ᠯᠤᠤ ᠮᠡᠳᠤ ᠮᠤᠷᠤᠯᠵᠠᠨ᠂ ᠭᠤᠤᠯ ᠤᠨ ᠬᠦᠪᠡᠭᠡ ᠮᠦᠩᠬᠦᠨ ᠴᠠᠭᠠᠨ ᠴᠠᠰᠤᠨ ᠳᠤ ᠬᠤᠴᠢᠭᠲᠠᠵᠦ᠂ ᠨᠡᠩ ᠨᠡᠯᠦᠬᠡᠷ ᠠᠭᠤᠲᠠᠮ ᠬᠠᠷᠠᠭᠲᠠᠨ᠎ᠠ᠃ ᠦᠵᠡᠮᠵᠢ ᠶᠢᠨ ᠤᠷᠤᠨ ᠤ ᠡᠳᠤᠷ ᠪᠦᠷᠢ ᠶᠢᠨ ᠨᠠᠭᠠᠳᠤᠮ ᠨᠢ ᠬᠦᠭᠵᠢᠶᠠᠨᠲᠠᠢ ᠶᠠᠪᠤᠭᠲᠠᠵᠦ᠂ ᠵᠢᠭᠤᠯᠴᠢᠯᠠᠭᠰᠠᠤᠨ ᠲᠤ ᠦᠪᠡᠷᠮᠢᠴᠡ ᠤᠨᠴᠠᠯᠢᠭ ᠪᠦᠬᠦᠢ ᠮᠦᠰᠤ ᠴᠠᠰᠤᠨ ᠤ ᠡᠬᠢ ᠪᠠᠶᠠᠯᠢᠭ ᠪᠤᠯᠤᠨ ᠪᠠᠶᠠᠯᠢᠭ ᠰᠠᠶᠢᠬᠠᠨ ᠠᠷᠠᠤᠨ ᠤᠨ ᠵᠠᠩ ᠦᠢᠯᠡ ᠶᠢᠨ ᠠᠭᠤᠯᠬᠤᠨ ᠤ ᠦᠪᠡᠷᠮᠢᠴᠡ ᠷᠢᠲᠢ ᠰᠢᠳᠢ ᠶᠢ ᠲᠡᠯᠬᠡᠨ ᠦᠵᠡᠬᠦᠯᠤᠨ᠎ᠡ᠃
20240301-2.jpg
       ᠡᠯ᠎ᠡ ᠭᠠᠵᠠᠷ ᠤᠷᠤᠨ ᠠᠴᠠ ᠬᠦᠷᠤᠯᠴᠡᠨ ᠢᠷᠡᠭᠰᠡᠨ ᠪᠦᠬᠡᠴᠤᠤᠨ ᠲᠤᠰ ᠲᠤᠰ ᠤᠨ ᠤᠷ᠎ᠠ ᠮᠡᠷᠬᠡᠵᠢᠯ ᠢᠶᠠᠨ ᠭᠠᠶᠢᠬᠠᠭᠤᠯᠵᠦ᠂ ᠮᠤᠷᠢᠨ ᠨᠢᠷᠤᠭᠤᠨ ᠲᠡᠬᠡᠷᠡᠬᠢ ᠬᠠᠷᠪᠤᠯᠲᠠ ᠨᠢ ᠬᠤᠷᠳᠤᠴᠠ ᠪᠠ ᠤᠷᠬᠢᠯᠤᠮ᠎ᠠ ᠰᠡᠤᠨᠬᠢᠯᠬᠡ ᠶᠢ ᠢᠯᠡᠷᠡᠬᠦᠯᠵᠦ᠂ ᠢᠷᠠᠭᠤ ᠡᠬᠡᠭᠰᠢᠭᠳᠦ ᠲᠠᠭᠤᠤ ᠪᠦᠵᠢᠭ ᠨᠢ ᠬᠦᠮᠤᠰ ᠤᠨ ᠰᠡᠤᠨᠬᠢᠯ ᠢ ᠦᠪᠡᠷ ᠤᠨ ᠡᠷᠬᠡ ᠦᠬᠡᠢ ᠲᠤᠭᠳᠤᠯᠠᠭᠤᠯᠤᠨ᠎ᠠ᠃ ᠴᠠᠰᠤᠨ ᠲᠡᠬᠡᠷᠡᠬᠢ ᠬᠦᠯ ᠪᠦᠮᠪᠦᠭᠡ ᠶᠢᠨ ᠤᠷᠤᠯᠳᠤᠭᠠᠨ᠂ ᠴᠠᠰᠤᠨ ᠲᠡᠬᠡᠷᠡᠬᠢ ᠲᠡᠬᠡᠰᠤ ᠲᠠᠲᠠᠬᠤ ᠤᠷᠤᠯᠳᠤᠭᠠᠨ᠂ ᠮᠦᠰᠤᠨ ᠲᠠᠪᠤᠷ᠎ᠠ ᠶᠢᠨ ᠨᠦᠬᠦᠷᠯᠡᠯ ᠤᠨ ᠤᠷᠤᠯᠳᠤᠭᠠᠨ ᠤ ᠪᠡᠶᠡᠴᠢᠯᠡᠨ ᠤᠶᠢᠯᠭᠭ᠋ᠯᠲᠠ ᠵᠡᠷᠬᠡ ᠦᠪᠠᠷᠢᠮᠢᠴᠡ ᠤᠨᠴᠠᠯᠢᠭ ᠲᠠᠢ ᠮᠦᠰᠤ ᠴᠠᠰᠤᠨ ᠤ ᠤᠷᠤᠯᠳᠤᠭᠠᠨ ᠨᠢ ᠦᠢ ᠤᠯᠠᠨ ᠵᠢᠭᠤᠯᠴᠢᠯᠠᠭᠰᠠᠤᠨ ᠶᠢᠨ ᠠᠩᠬᠠᠷᠤᠯ ᠢ ᠲᠠᠲᠠᠵᠦ᠂ ᠵᠢᠭᠤᠯᠴᠢᠯᠠᠭᠰᠠᠤᠨ ᠲᠤ ᠮᠠᠷᠲᠠᠭᠲᠠᠰᠢ ᠦᠬᠡᠢ ᠬᠦᠨ ᠰᠠᠭᠤᠭᠲᠠᠯ ᠦᠯᠡᠳᠡᠬᠡᠨ᠂ ᠡᠪᠤᠯ ᠤᠨ ᠤᠯᠠᠷᠢᠯ ᠤᠨ ᠮᠡᠷᠬᠡᠯ ᠭᠤᠤᠯ ᠤᠨ ᠮᠦᠰᠤ ᠴᠠᠰᠤᠨ ᠤ ᠤᠷᠮ᠎ᠠ ᠰᠡᠤᠨᠬᠢᠯᠬᠡ ᠶᠢᠨ ᠭᠠᠯ ᠢ ᠲᠦᠷᠡᠯᠵᠡᠬᠦᠯᠤᠨ᠎ᠠ᠃    
20240301-3.jpg
20240301-6.jpg
20240301-5.jpg
20240301-7.jpg
20240301-6.jpg
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ