ᠨᠠᠷᠠ ᠮᠢᠨᠢ ᠨᠠᠮ ᠮᠢᠨᠢ
ᠨᠡᠶᠢᠲᠡᠯᠡᠭᠰᠡᠨ ᠴᠠᠭ᠄
2024/3/12
       ᠳᠡᠯᠡᠬᠡᠢ ᠭᠡᠶᠢᠭᠦᠯᠵᠦ ᠨᠠᠷᠠ ᠮᠠᠨᠳᠤᠨ᠎ᠠ᠃ ᠤᠩᠭᠤᠨ ᠪᠠᠶᠢᠭᠠᠯᠢ ᠶᠢᠨ ᠡᠪᠡᠰᠦ ᠤᠷᠭᠤᠮᠠᠯ ᠭᠡᠷᠡᠯ ᠢ ᠨᠢ ᠬᠥᠬᠦᠵᠦ ᠡᠷᠬᠡ ᠲᠠᠩᠭᠢ ᠤᠷᠭᠤᠨ᠎ᠠ᠃ ᠣᠨ ᠵᠢᠯ ᠢ ᠲᠤᠭᠤᠯᠵᠦ ᠪᠣᠰᠤᠭ᠎ᠠ ᠰᠡᠬᠦᠶᠢᠭᠰᠡᠨ ᠪᠤᠭᠤᠷᠤᠯ ᠠᠭᠤᠯᠠᠰ ᠤᠨ ᠤᠷᠭᠢᠯ ᠦᠶ᠎ᠡ ᠦᠶ᠎ᠡ ᠥᠭᠡᠳᠡ ᠪᠠᠨ ᠥᠨᠳᠡᠯᠵᠡᠨ᠎ᠡ᠃ ᠲᠡᠮᠡᠦᠯᠵᠦ ᠱᠤᠤᠭᠢᠭᠰᠠᠨ ᠭᠤᠣᠯ ᠭᠤᠷᠤᠬ᠎ᠠ ᠲᠤᠷᠤᠨ᠎ᠠ ᠵᠦᠭ ᠰᠢᠷᠤᠩᠬᠠᠶᠢᠯᠠᠬᠤ ᠳᠤ ᠴᠡᠭᠡᠯ ᠤᠨ ᠭᠦᠨ ᠠᠴᠠ ᠨᠢ ᠵᠢᠭᠠᠰᠤ ᠡᠷᠬᠡᠯᠡᠨ ᠴᠣᠯᠭᠢᠨ᠎ᠠ᠃       ᠭᠤᠪᠢ ᠬᠠᠩᠭᠠᠢ ᠳᠤ ᠬᠠᠩᠬᠤᠯᠲᠠᠯ᠎ᠠ ᠳᠡᠯᠭᠡᠷᠡᠭᠰᠡᠨ ᠴᠡᠴᠡᠭ ᠤᠨ ᠦᠨᠦᠷ ᠲᠤ ᠡᠷᠪᠡᠬᠡᠢ ᠪᠠᠶᠠᠰᠤᠨ ᠪᠥᠵᠢᠵᠦ ᠡᠷᠬᠡᠯᠡᠨ ᠨᠢᠰᠬᠦ ᠳᠤ ᠬᠥᠲᠥᠯ ᠪᠦᠷᠬᠦᠭᠰᠡᠨ ᠬᠤᠨᠢᠨ ᠰᠦᠷᠦᠭ ᠭᠦᠪᠪᠦᠨ ᠨᠡᠭᠦᠬᠦ ᠴᠠᠭᠠᠨ ᠡᠭᠦᠯᠡ ᠰᠢᠭ ᠬᠠᠷᠠᠭᠠᠨ ᠳᠤ ᠮᠢᠨᠢ ᠲᠣᠳᠣᠷᠠᠨ᠎ᠠ᠃       ᠨᠠᠷᠠᠨ ᠳᠤ ᠶᠠᠭᠤ ᠪᠦᠭᠦᠨ ᠡᠭᠡᠯᠢᠲᠡᠢ᠃ ᠥᠨᠥᠴᠢᠨ ᠨᠠᠪᠴᠢ ᠭᠦᠷᠳᠡᠯ᠎ᠡ ᠨᠠᠷᠠᠨ ᠤ ᠪᠠᠨ ᠢᠯᠴᠢ ᠭᠡᠷᠡᠯ ᠢ ᠰᠢᠩᠭᠡᠭᠡᠵᠦ ᠵᠤᠨ ᠢ ᠵᠢᠷᠭᠠᠲᠠᠯ᠎ᠠ ᠵᠢᠷᠭᠢᠨ᠎ᠡ᠃ ᠲᠤᠭᠤᠯ ᠤᠨ ᠪᠡᠯᠴᠢᠭᠡᠷ ᠲᠤ ᠲᠦᠭᠡᠭᠰᠡᠨ ᠴᠠᠭᠠᠨ ᠴᠢᠯᠠᠭᠤ ᠠᠭᠤᠵᠢᠷᠠᠲᠠᠯ᠎ᠠ ᠠᠮᠢᠰᠬᠤᠬᠤ ᠳᠤ ᠲᠣᠯᠣᠭᠠᠳ ᠤᠨ ᠡᠩᠭᠡᠷ ᠲᠤ ᠥᠨᠳᠡᠭᠡ ᠪᠠᠨ ᠳᠠᠷᠤᠭᠰᠠᠨ ᠲᠣᠭᠤᠷᠤᠤ ᠨᠢᠳᠦ ᠪᠠᠨ ᠠᠨᠢᠵᠤ᠂ ᠴᠡᠩᠬᠡᠷ ᠣᠭᠲᠠᠷᠭᠤᠢ ᠰᠡᠳᠬᠢᠯ ᠳᠣᠲᠣᠷ᠎ᠠ ᠨᠢ ᠡᠷᠭᠢᠯᠳᠦᠬᠦ ᠶᠢᠨ ᠬᠠᠮᠲᠤ ᠳᠠᠷᠤᠭᠰᠠᠨ ᠥᠨᠳᠡᠭᠡ ᠪᠦᠭᠦᠨ ᠨᠢ ᠨᠡᠪᠴᠢᠭᠡᠳ ᠨᠠᠷᠠᠨ ᠵᠦᠭ ᠨᠢᠰᠬᠦ ᠰᠢᠭ ᠪᠣᠯᠣᠨ᠎ᠠ᠃       ᠪᠤᠷᠭᠠᠰᠤᠨ ᠲᠣᠬᠤᠢ ᠶᠢᠨ ᠷᠠᠰᠢᠶᠠᠨ ᠪᠤᠯᠠᠭ ᠲᠦᠷᠪᠡᠨ ᠴᠠᠭ ᠢᠶᠠᠷ ᠣᠷᠭᠢᠯᠤᠨ᠎ᠠ᠃ ᠳᠡᠷᠭᠡᠳᠡ ᠨᠢ ᠬᠦᠷᠴᠦ ᠨᠠᠮ ᠰᠠᠭᠤᠬᠤ ᠳᠤ ᠥᠭᠭᠢᠶᠡᠮᠦᠷ ᠬᠠᠶᠢᠷ᠎ᠠ ᠶᠢᠨ ᠡᠭᠡᠰᠢᠭ ᠪᠣᠯᠵᠤ ᠵᠢᠷᠦᠬᠡᠨ ᠳᠤ ᠮᠢᠨᠢ ᠤᠶᠠᠩᠭᠠᠷᠠᠨ᠎ᠠ᠃ ᠬᠠᠵᠠᠭᠤ ᠳᠤᠨᠢ ᠮᠡᠯᠡᠬᠡᠢ ᠶᠢᠨ ᠳᠦᠷᠰᠦ ᠲᠠᠢ ᠨᠢᠭᠡᠨ ᠬᠦᠷᠡᠩ ᠴᠢᠯᠠᠭᠤ ᠬᠥᠳᠡᠯᠦᠯ ᠦᠭᠡᠢ ᠲᠣᠪ ᠳᠤᠭᠤᠢ ᠬᠡᠪᠲᠡᠨ᠎ᠡ᠃ ᠠᠮᠠᠷᠠᠭ ᠬᠠᠨᠢ ᠪᠠᠨ ᠦᠭᠡᠶᠢᠯᠡᠵᠦ ᠪᠠᠶᠢᠭ᠎ᠠ ᠴᠦ ᠶᠤᠮ ᠤᠤ︖ ᠠᠯᠢ ᠡᠰᠡᠬᠦᠯ᠎ᠡ ᠷᠠᠰᠢᠶᠠᠨ ᠪᠤᠯᠠᠭ ᠢᠶᠠᠨ ᠰᠠᠬᠢᠵᠤ ᠪᠠᠶᠢᠭ᠎ᠠ ᠴᠦ ᠪᠢᠯᠢᠦ︖ ᠰᠠᠯᠬᠢ ᠪᠣᠷᠣᠭᠠᠨ ᠳᠤ ᠥᠩᠭᠡ ᠨᠢ ᠭᠢᠯᠠᠯᠵᠠᠭᠠᠳ ᠰᠥᠨᠢ ᠶᠢᠨ ᠭᠦᠨ ᠳᠤ ᠰᠠᠷᠠᠨ ᠤ ᠳᠣᠣᠷ᠎ᠠ ᠭᠡᠷᠡᠯ ᠰᠠᠴᠤᠷᠠᠨ᠎ᠠ᠃ ᠢᠭᠴᠤ ᠰᠠᠬᠤᠯᠢᠭ ᠪᠣᠷᠣ ᠪᠤᠷᠭᠠᠰᠤ ᠵᠢᠪᠠᠷ ᠲᠤ ᠡᠷᠲᠡᠨ ᠤ ᠤᠳᠬ᠎ᠠ ᠪᠢᠲᠡᠭᠦᠦ ᠠᠶᠠᠯᠭᠤ ᠴᠢᠪᠬᠠᠳᠠᠨ᠎ᠠ᠃       ︽ᠡᠷᠢᠯᠴᠢᠨ ᠷᠠᠰᠢᠶᠠᠨ ᠪᠤᠯᠠᠭ ᠲᠡᠶᠢᠰᠢ ᠬᠠᠷᠠᠬᠤ ᠪᠠᠷ ᠠᠩᠭᠠᠯ ᠨᠢ ᠲᠠᠶᠢᠯᠤᠭᠳᠠᠵᠤ ᠪᠡᠶ᠎ᠡ ᠰᠡᠳᠬᠢᠯ ᠨᠢ ᠬᠥᠩᠭᠡᠷᠡᠨ᠎ᠡ︾ ᠭᠡᠰᠡᠨ ᠡᠪᠦᠭᠡ ᠶᠢᠨ ᠦᠭᠡ ᠶᠢ ᠰᠠᠨᠠᠬᠤ ᠳᠤ ︽ᠨᠠᠷᠠᠨ ᠤ ᠪᠤᠳᠤᠭ ᠰᠢᠩᠭᠡᠭᠰᠡᠨ ᠷᠠᠰᠢᠶᠠᠨ ᠪᠤᠯᠠᠭ ᠤᠨ ᠤᠰᠤ ᠪᠠᠷ ᠴᠠᠢ ᠴᠢᠨᠠᠬᠤ ᠳᠤ ᠲᠠᠷ ᠲᠠᠮᠢᠷ ᠨᠡᠮᠡᠭᠳᠡᠨ᠎ᠡ︾ ᠭᠡᠰᠡᠨ ᠡᠮᠡᠭᠡ ᠶᠢᠨ ᠶᠠᠷᠢᠶ᠎ᠠ ᠴᠦ ᠤᠢ ᠤᠬᠠᠭᠠᠨ ᠳᠤ ᠪᠠᠭᠤᠨ᠎ᠠ᠃       ︽ᠨᠠᠷᠠᠨ ᠤ ᠪᠤᠳᠤᠭ ᠲᠠᠢ ᠴᠠᠢ ᠪᠠᠷ ᠤᠮᠳᠠ ᠪᠠᠨ ᠳᠠᠷᠤᠭᠰᠠᠨ ᠠᠴᠠ ᠨᠢᠩᠵᠢᠨ ᠰᠡᠳᠬᠢᠯ ᠲᠠᠢ ᠪᠣᠯᠵᠤ ᠲᠣᠮᠣᠭᠠᠵᠢᠳᠠᠭ ᠤᠤ︖︾ ᠭᠡᠵᠦ ᠪᠠᠭ᠎ᠠ ᠳᠠᠭᠠᠨ ᠡᠵᠢ ᠠᠴᠠ ᠪᠠᠨ ᠠᠰᠠᠭᠤᠭᠠᠳ ᠠᠬ᠎ᠠ ᠡᠭᠡᠴᠢ ᠪᠠᠨ ᠢᠨᠢᠶᠡᠯᠭᠡᠵᠦ ᠪᠠᠶᠢᠭᠰᠠᠨ ᠮᠢᠨᠢ ᠪᠤᠳᠤᠬᠳᠠᠨ᠎ᠠ᠃ ᠲᠡᠶᠢᠮᠦ ᠠ᠋᠂ ᠰᠢᠷᠬᠡᠭ ᠨᠣᠭᠤᠭ᠎ᠠ ᠠᠴᠠ ᠡᠬᠢᠯᠡᠭᠡᠳ ᠰᠢᠪᠠᠵᠢ ᠬᠤᠷᠣᠬᠠᠢ ᠭᠦᠷᠳᠡᠯ᠎ᠡ ᠨᠠᠷᠠᠨ ᠠᠴᠠ ᠰᠠᠯᠵᠤ ᠪᠤᠯᠳᠠᠭ ᠦᠭᠡᠢ ᠨᠢ ᠦᠨᠡᠨ᠃       ᠪᠢ ᠨᠠᠷᠠᠨ ᠳᠤ ᠬᠠᠶᠢᠷᠠᠲᠠᠢ᠃ ᠨᠠᠷᠠ ᠤᠷᠭᠤᠬᠤ ᠪᠠᠷ ᠨᠣᠶᠢᠷ ᠠᠴᠠ ᠪᠠᠨ ᠰᠡᠷᠡᠵᠦ ᠠᠵᠢᠯ ᠳᠠᠭᠠᠨ ᠮᠣᠷᠳᠠᠨ᠎ᠠ᠃ ᠨᠠᠷᠠ ᠵᠢᠷᠭᠠᠬᠤ ᠪᠠᠷ ᠠᠵᠢᠯ ᠠᠴᠠ ᠪᠠᠨ ᠪᠠᠭᠤᠵᠤ ᠠᠷᠤ ᠭᠡᠷ ᠲᠡᠭᠡᠨ ᠢᠷᠡᠵᠦ ᠠᠮᠠᠷᠠᠭ ᠬᠤᠩᠭᠤᠷ᠂ ᠡᠩᠬᠦᠷᠡᠢ ᠬᠦᠦ ᠲᠠᠢ ᠪᠠᠨ ᠵᠣᠭᠤᠭᠳᠠᠵᠤ ᠡᠬᠢᠯᠡᠳᠡᠭ᠃ ᠨᠠᠷᠠ ᠪᠣᠯ ᠮᠢᠨᠤ ᠡᠨᠡ ᠨᠠᠰᠤᠨ ᠤ ᠰᠢᠲᠦᠭᠡᠨ᠂ ᠠᠮᠢᠳᠤᠷᠠᠯ ᠤᠨ ᠭᠡᠭᠡ᠂ ᠤᠶᠤᠨ ᠪᠢᠯᠢᠭ ᠤᠨ ᠭᠡᠷᠡᠯ ᠲᠤᠶᠠᠭ᠎ᠠ ᠪᠢᠯᠡ᠃       ᠮᠣᠩᠭᠤᠯᠴᠤᠳ ᠲᠦᠷᠪᠡᠨ ᠴᠠᠭ ᠢᠶᠠᠷ ᠨᠡᠭᠦᠵᠦ ᠪᠠᠭᠤᠬᠤ ᠳᠠᠭᠠᠨ ᠨᠠᠷᠠ ᠪᠠᠨ ᠲᠠᠭᠠᠵᠦ ᠥᠭᠰᠥᠨ ᠥᠭᠡᠳᠡᠯᠡᠵᠦ ᠢᠷᠡᠭᠰᠡᠨ ᠤᠯᠪᠠᠭ᠎ᠠ ᠲᠠᠢ ᠭᠡᠳᠡᠭ ᠢ ᠭᠠᠵᠠᠷ ᠲᠡᠭᠷᠢ ᠬᠤᠶᠠᠷ ᠮᠡᠳᠡᠨ᠎ᠡ᠃ ᠨᠠᠷᠠᠨ ᠠᠴᠠ ᠣᠶᠢᠷᠠᠬᠠᠨ ᠨᠢᠰᠬᠦ ᠭᠠᠯᠠᠭᠤᠳ ᠮᠡᠳᠡᠨ᠎ᠡ᠃ ᠨᠠᠷᠠᠨ ᠵᠦᠭ ᠲᠤ ᠤᠷᠭᠤᠭᠰᠠᠨ ᠬᠠᠯᠢᠯ ᠬᠠᠳᠠ ᠮᠡᠳᠡᠨ᠎ᠡ᠃ ᠠᠷᠤ ᠭᠤᠣᠯ ᠠᠴᠠ ᠤᠰᠤ ᠲᠡᠭᠡᠭᠡᠭᠰᠡᠨ ᠦᠬᠡᠷ ᠬᠠᠰᠠᠭ ᠮᠡᠳᠡᠨ᠎ᠡ᠃       ᠨᠠᠷᠠ ᠭᠡᠷᠡᠯᠲᠦᠲᠡᠭ ᠪᠣᠯᠬᠤᠷ ᠳᠡᠯᠡᠬᠡᠢ ᠨᠢᠳᠦ ᠲᠠᠢ ᠪᠠᠶᠢᠳᠠᠭ᠃ ᠲᠠᠷᠢᠶ᠎ᠠ ᠲᠥᠮᠥᠰᠥ᠂ ᠲᠠᠪᠤᠨ ᠬᠤᠰᠢᠭᠤ ᠮᠠᠯ ᠨᠠᠷᠠᠨ ᠠᠴᠠ ᠢᠷᠡᠨ᠎ᠡ᠃ ᠠᠵᠠ ᠵᠢᠷᠭᠠᠯ᠂ ᠠᠮᠤᠷ ᠠᠮᠤᠭᠤᠯᠠᠩ ᠁ ᠴᠦ ᠨᠠᠷᠠᠨ ᠠᠴᠠ ᠢᠷᠡᠨ᠎ᠡ᠃       ᠨᠠᠷᠠ - ᠶᠢᠷᠲᠢᠨᠴᠦ ᠶᠢᠨ ᠰᠦᠭ ᠰᠦᠨᠡᠰᠦ᠂ ᠭᠤᠸ᠎ᠠ ᠰᠠᠶᠢᠬᠠᠨ ᠢ ᠬᠠᠷᠠᠭᠤᠯᠤᠭᠰᠠᠨ ᠭᠡᠭᠡᠨ ᠮᠡᠯᠮᠡᠢ ᠪᠠᠶᠢᠵᠤ ᠲᠠᠭᠠᠷᠠᠨ᠎ᠠ᠃ ᠬᠠᠷᠠᠩᠭᠤᠢ ᠰᠥᠨᠢ ᠶᠢ ᠭᠡᠶᠢᠭᠦᠯᠵᠦ᠂ ᠬᠠᠪᠢᠷᠭᠠᠯᠠᠵᠤ ᠲᠡᠷᠭᠡᠯᠰᠢᠬᠦ ᠰᠠᠷᠠᠨ ᠤ ᠮᠥᠩᠭᠦᠨ ᠲᠤᠶᠠᠭ᠎ᠠ ᠴᠦ ᠨᠠᠷᠠᠨ ᠤ ᠬᠢ᠃ ᠰᠡᠳᠬᠢᠯ ᠤᠨ ᠬᠤᠩᠭᠤᠷ ᠲᠠᠭᠠᠨ ᠪᠡᠯᠡᠭᠯᠡᠭᠰᠡᠨ ᠠᠷᠢᠭᠤᠨ ᠴᠠᠭᠠᠨ ᠬᠠᠶᠢᠷ᠎ᠠ ᠭᠡᠵᠦ ᠲᠥᠰᠥᠭᠡᠯᠡᠬᠦ ᠳᠤ ᠣᠭᠲᠠᠷᠭᠤᠢ ᠳᠤ ᠲᠦᠭᠡᠭᠰᠡᠨ ᠤᠳᠤᠨ ᠮᠡᠴᠢᠳ ᠰᠠᠨᠠᠭ᠎ᠠ ᠪᠤᠳᠤᠯ ᠢ ᠣᠶᠢᠯᠠᠭᠠᠭᠰᠠᠨ ᠰᠢᠭ᠋ ᠲᠣᠭᠤᠨᠣᠨ ᠳᠡᠭᠡᠷ᠎ᠡ ᠢᠷᠡᠵᠦ ᠰᠠᠭᠤᠭᠠᠳ ᠲᠣᠷᠮᠣᠯᠵᠠᠬᠤ ᠶᠢᠨ ᠰᠠᠶᠢᠬᠠᠨ ᠠ᠋︕       ᠲᠤᠯᠤᠭᠠᠨ ᠨᠠᠰᠤᠲᠠᠢ ᠲᠡᠷᠡ ᠵᠢᠯ᠂ ᠪᠢ ᠡᠵᠢ ᠪᠠᠨ ᠲᠠᠭᠠᠵᠦ ᠠᠷᠤ ᠭᠤᠣᠯ ᠤᠨ ᠬᠥᠪᠡᠭᠡᠨ ᠳᠤ ᠬᠤᠨᠢ ᠬᠠᠷᠢᠭᠤᠯᠵᠤ ᠪᠠᠶᠢᠯ᠎ᠠ᠃ ᠬᠥᠪᠥᠩ ᠴᠠᠭᠠᠨ ᠬᠤᠨᠢᠳ ᠥᠩ ᠰᠢᠮᠡᠯᠢᠭ ᠪᠡᠯᠴᠢᠭᠡᠷ ᠲᠤ ᠬᠥᠯ ᠲᠣᠭᠲᠠᠨ ᠢᠳᠡᠰᠢᠯᠡᠭᠡᠳ ᠶᠠᠭ ᠯᠡ ᠣᠭᠲᠠᠷᠭᠤᠢ ᠶᠢᠨ ᠡᠭᠦᠯᠡ ᠭᠠᠵᠠᠷ ᠤᠨ ᠬᠥᠷᠥᠰᠥᠨ ᠳᠤ ᠪᠠᠭᠤᠭᠰᠠᠨ ᠰᠢᠭ᠋ ᠰᠠᠨᠠᠭᠳᠠᠨ᠎ᠠ᠃ ᠬᠥᠬᠡ ᠲᠡᠭᠷᠢ ᠨᠠᠷᠠ ᠲᠠᠢ ᠪᠠᠨ ᠬᠠᠮᠲᠤ ᠭᠤᠣᠯ ᠤᠨ ᠤᠰᠤᠨ ᠳᠤ ᠠᠭᠤᠵᠢᠷᠠᠲᠠᠯ᠎ᠠ ᠤᠮᠪᠠᠭ᠋ᠤ ᠰᠢᠭ᠋ ᠬᠠᠷᠠᠭᠳᠠᠬᠤ ᠪᠠᠷ ᠪᠢ ᠴᠦ ᠲᠡᠪᠡᠯ ᠥᠮᠥᠳᠦ ᠪᠠᠨ ᠲᠠᠶᠢᠯᠤᠭᠠᠳ ᠴᠡᠭᠡᠯ ᠤᠷᠤᠭᠤ ᠨᠢ ᠮᠡᠯᠡᠬᠡᠢ ᠰᠢᠭ ᠰᠤᠮᠤᠳᠠᠲᠠᠯ᠎ᠠ ᠡᠵᠢ ᠰᠠᠨᠳᠤᠷᠴᠤ᠄ ︽ᠮᠠᠭᠤ ᠰᠢᠷ᠎ᠠ ᠮᠢᠨᠢ᠂ ᠭᠦᠨ ᠤᠰᠤᠨ ᠳᠤ ᠤᠮᠪᠠᠭ᠋ᠤ ᠠᠶᠤᠯ ᠲᠠᠢ ᠁︾ ᠭᠡᠵᠦ ᠠᠷᠤ ᠠᠴᠠ ᠬᠠᠰᠬᠢᠷᠤᠨ᠎ᠠ᠃       ︽ᠡᠵᠢ ᠠ᠋᠂ ᠲᠡᠭᠷᠢ ᠨᠠᠷᠠ ᠬᠤᠶᠠᠷ ᠲᠠᠢ ᠭᠤᠣᠯ ᠤᠨ ᠤᠰᠤᠨ ᠳᠤ ᠤᠮᠪᠠᠵᠤ ᠤᠷᠤᠯᠳᠤᠶ᠎ᠠ᠃ ᠰᠠᠨᠠᠭ᠎ᠠ ᠠᠮᠤᠷ ᠪᠠᠢ ᠁︾ ᠭᠡᠵᠦ ᠪᠢ ᠡᠷᠭᠢᠵᠦ ᠬᠠᠨᠳᠤᠭᠠᠳ ᠶᠠᠷᠢᠭᠰᠠᠨ ᠴᠢᠨᠢ ᠡᠵᠢ ᠮᠢᠨᠢ ᠡᠪᠦᠳᠦᠭ ᠢᠶᠠᠨ ᠠᠯᠠᠭᠠᠳᠠᠨ ᠢᠨᠢᠶᠡᠵᠦ ︽ᠤᠰᠤᠨ ᠲᠡᠨᠡᠭ ᠢ ᠬᠠᠷᠠᠯ ᠳ᠋ᠠ︕ ᠲᠡᠭᠷᠢ ᠨᠠᠷᠠ ᠭᠡᠳᠡᠭ ᠴᠢᠨᠢ ᠬᠡᠨ ᠳᠤ ᠴᠦ ᠪᠠᠷᠢᠭᠳᠠᠰᠢ ᠦᠭᠡᠢ ᠤᠩᠭᠤᠨ ᠲᠠᠷᠬᠠᠨ ᠶᠤᠮ ᠰᠢᠦ︕ ᠣᠶᠢᠯᠲᠠ ᠡᠭᠦᠰᠦᠭᠡᠳ ᠲᠡᠭᠡᠵᠦ ᠬᠠᠷᠠᠭᠳᠠᠵᠤ ᠪᠠᠶᠢᠭ᠎ᠠ ᠶᠤᠮ︾ ᠭᠡᠵᠦ ᠭᠤᠣᠯ ᠤᠨ ᠬᠥᠪᠡᠭᠡᠨ ᠠᠴᠠ ᠥᠨᠳᠥᠷ ᠲᠠᠭᠤᠨ ᠢᠶᠠᠷ ᠶᠠᠷᠢᠵᠤ ᠪᠠᠶᠢᠯ᠎ᠠ᠃ ᠪᠢ ᠲᠡᠷᠡ ᠦᠶ᠎ᠡ ᠳᠤ ᠣᠶᠢᠯᠲᠠ ᠭᠡᠳᠡᠭ ᠦᠭᠡᠨ ᠤ ᠤᠳᠬ᠎ᠠ ᠶᠢ ᠦᠨᠡᠨ ᠮᠡᠳᠡᠬᠦ ᠦᠭᠡᠢ᠃ ᠨᠠᠷᠠ ᠲᠠᠢ ᠲᠡᠭᠷᠢ ᠬᠠᠷᠠᠭᠳᠠᠭᠰᠠᠨ ᠤᠰᠤᠨ ᠳᠤ ᠤᠮᠪᠠᠵᠤ ᠬᠦᠷᠬᠦ ᠪᠠᠷ ᠰᠡᠭᠦᠳᠡᠷ ᠨᠢ ᠴᠦ ᠠᠯᠠᠭ᠎ᠠ ᠪᠤᠯᠳᠠᠭ ᠪᠠᠶᠢᠯ᠎ᠠ᠃ ᠪᠢ ᠵᠢᠭᠠᠰᠤ ᠰᠢᠭ᠋ ᠨᠠᠭᠠᠰᠢ ᠴᠠᠭᠠᠰᠢ ᠰᠦᠯᠵᠢᠯᠳᠦᠨ ᠲᠠᠷ ᠲᠠᠮᠢᠷ ᠪᠠᠭᠤᠷᠠᠲᠠᠯ᠎ᠠ ᠡᠷᠢᠭᠡᠳ ᠣᠯᠣᠭᠰᠠᠨ ᠦᠭᠡᠢ᠂ ᠠᠷᠭ᠎ᠠ ᠪᠤᠰᠤ ᠣᠰᠣᠨ ᠠᠴᠠ ᠭᠠᠷᠴᠤ ᠭᠤᠣᠯ ᠤᠨ ᠬᠥᠪᠡᠭᠡᠨ ᠤ ᠦᠬᠡᠷ ᠴᠢᠯᠠᠭᠤᠨ ᠳᠡᠭᠡᠷ᠎ᠡ ᠰᠠᠭᠤᠵᠤ ᠠᠮᠠᠷᠠᠪᠠ᠃ ᠡᠵᠢ ᠮᠢᠨᠢ ᠬᠠᠵᠠᠭᠤ ᠳᠤ ᠢᠷᠡᠵᠦ ᠲᠣᠯᠣᠭᠠᠢ ᠶᠢ ᠢᠯᠪᠢᠭᠡᠳ᠄ ︽ᠬᠦᠦ ᠮᠢᠨᠢ᠂ ᠨᠠᠷᠠ ᠭᠡᠳᠡᠭ ᠴᠢᠨᠢ ᠰᠡᠳᠬᠢᠯ ᠢ ᠭᠡᠷᠡᠯᠳᠦᠭᠦᠯᠵᠦ ᠰᠠᠨᠠᠭ᠎ᠠ ᠶᠢ ᠭᠡᠶᠢᠭᠦᠯᠳᠡᠭ ᠮᠥᠬᠦᠰᠢ ᠦᠭᠡᠢ ᠮᠥᠩᠬᠡ ᠶᠢᠨ ᠭᠡᠷᠡᠯ ᠰᠢᠦ᠃  ᠪᠠᠷᠠᠭᠠᠨ ᠰᠡᠭᠦᠳᠡᠷ ᠣᠶᠢᠷᠠᠳᠬᠤ ᠪᠠᠷ ᠰᠢᠳᠡᠵᠦ ᠳᠠᠭᠤᠰᠤᠭᠠᠳ ᠪᠠᠷᠴᠢᠳ ᠲᠦᠢᠳᠬᠡᠷ ᠢ ᠲᠣᠨᠢᠯᠭᠠᠳᠠᠭ ᠶᠤᠮ᠃ ᠲᠦᠮᠡᠨ ᠨᠢᠳᠦ ᠲᠠᠢ ᠲᠡᠭᠷᠢ ᠪᠣᠯ ᠲᠥᠪ ᠦᠨᠡᠨ ᠢ ᠲᠣᠳᠣᠯᠠᠵᠤ ᠴᠢᠳᠠᠳᠠᠭ ᠪᠥᠭᠡᠳ ᠬᠥᠮᠥᠨ ᠲᠥᠷᠥᠯᠬᠢᠲᠡᠨ ᠢ ᠬᠥᠨᠥᠭᠡᠬᠦ ᠬᠤᠣᠷᠠᠲᠤ ᠡᠲᠡᠭᠡᠳ ᠢ ᠪᠤᠳᠠ ᠨᠢᠷᠭᠡᠳᠡᠭ ᠰᠦᠷ ᠶᠡᠬᠡᠮᠰᠦᠭ᠂ ᠠᠭᠤᠤ ᠶᠡᠭᠡ ᠭᠠᠶᠢᠬᠠᠮᠰᠢᠭᠲᠤ ᠬᠦᠴᠦ ᠲᠠᠢ ᠁︾ ᠭᠡᠵᠦ ᠨᠠᠷᠠ ᠲᠠᠢ ᠲᠡᠭᠷᠢ ᠶᠢᠨ ᠲᠤᠬᠠᠢ ᠡᠵᠢ ᠮᠢᠨᠢ ᠰᠡᠴᠡᠷᠬᠡᠵᠦ ᠭᠠᠷᠤᠯ᠎ᠠ᠃ ᠭᠡᠲᠡᠯ᠎ᠡ ᠣᠶᠢᠯᠲᠠ ᠶᠢᠨ ᠲᠤᠬᠠᠢ ᠤᠨᠤᠪᠴᠢᠳᠠᠢ ᠶᠠᠷᠢᠵᠤ ᠴᠢᠳᠠᠭᠰᠠᠨ ᠦᠭᠡᠢ ᠁       ︽ᠡᠷᠲᠡ ᠤᠷᠢᠳᠤ ᠶᠢᠨ ᠴᠠᠭ ᠲᠤ ᠭᠡᠨ᠎ᠡ᠃ ᠳᠡᠯᠡᠬᠡᠢ ᠳᠤ ᠨᠠᠷᠠ ᠪᠠᠶᠢᠭᠰᠠᠨ ᠦᠭᠡᠢ ᠲᠤᠯᠠ ᠭᠠᠵᠠᠷ ᠳᠡᠭᠡᠷ᠎ᠡ ᠭᠠᠭᠴᠠ ᠰᠢᠷᠬᠡᠭ ᠨᠠᠪᠴᠢ ᠦᠭᠡᠢ᠃ ᠲᠤᠰᠤᠯ ᠬᠤᠷ᠎ᠠ ᠴᠦ ᠦᠭᠡᠢ᠃ ᠬᠥᠮᠥᠨ ᠠᠮᠢᠳᠠᠨ ᠬᠠᠮᠢᠭᠠᠰᠢ ᠪᠠᠨ ᠶᠠᠪᠤᠬᠤ ᠪᠠᠨ ᠣᠯᠬᠤ ᠦᠭᠡᠢ ᠭᠦᠨ ᠪᠢᠲᠡᠭᠦᠦ ᠨᠦᠭᠡᠨ ᠳᠤ ᠣᠷᠣᠭᠰᠠᠨ ᠰᠢᠭ᠋ ᠭᠠᠰᠠᠯᠠᠩ ᠤᠨ ᠨᠢᠯᠪᠤᠰᠤᠨ ᠳᠠᠭᠠᠨ ᠵᠢᠪᠴᠦ᠂ ᠮᠥᠬᠦᠯᠢᠭ ᠤᠨ ᠨᠠᠷᠢᠬᠠᠨ ᠤᠲᠠᠰᠤᠨ ᠳᠤ ᠳᠡᠭᠦᠵᠢᠯᠡᠭᠳᠡᠵᠦ ᠪᠠᠶᠢᠬᠤ ᠳᠤ ᠬᠤᠷᠮᠤᠰᠳᠠ ᠲᠡᠭᠷᠢ ᠥᠷᠥ ᠡᠪᠡᠳᠦᠨ ᠡᠨᠡᠷᠢᠵᠦ ᠨᠠᠷᠠ ᠶᠢ ᠵᠢᠷᠤᠵᠤ ᠪᠦᠲᠦᠭᠡᠭᠡᠳ ︿ᠨᠠᠷᠠᠯᠠᠭ ᠬᠤᠷᠸ᠎ᠠ﹀ ᠭᠡᠵᠦ ᠨᠡᠷᠡᠯᠡᠭᠰᠡᠨ ᠁︾ ᠬᠡᠮᠡᠨ ᠨᠠᠭᠠᠴᠤ ᠡᠪᠦᠭᠡ ᠮᠢᠨᠢ ᠠᠷᠤ ᠭᠤᠣᠯ ᠢ ᠭᠡᠳᠦᠯᠵᠦ ᠮᠠᠨ ᠤ ᠬᠢ ᠳᠤ ᠠᠶᠢᠯᠴᠢᠯᠠᠵᠤ ᠢᠷᠡᠬᠦ ᠪᠦᠷᠢ ᠶᠠᠷᠢᠳᠠᠭ ᠪᠠᠶᠢᠵᠠᠢ᠃       ᠡᠪᠦᠭᠡ ᠮᠢᠨᠢ ᠠᠮᠢᠳᠤ ᠰᠡᠷᠡᠭᠦᠨ ᠪᠠᠶᠢᠬᠤ ᠳᠠᠭᠠᠨ ᠦᠷᠭᠦᠯᠵᠢ ᠨᠠᠷᠠ ᠥᠭᠡᠳᠡ ᠬᠠᠨᠳᠤᠨ ᠨᠢᠳᠦ ᠪᠠᠨ ᠰᠡᠶᠢᠮᠡᠶᠢᠯᠭᠡᠨ ᠠᠯᠢᠪᠠ ᠰᠠᠨᠠᠵᠤ ᠪᠤᠳᠤᠬᠰᠠᠨ ᠢᠶᠠᠨ ᠳᠠᠭᠠᠳᠬᠠᠨ ᠵᠠᠯᠪᠠᠷᠢᠳᠠᠭ ᠪᠠᠶᠢᠪᠠ᠃ ᠲᠡᠭᠡᠭᠦ ᠳᠤ ᠪᠢ ᠡᠪᠦᠭᠡ ᠪᠠᠨ ᠬᠠᠷᠠᠵᠤ ᠠᠮᠠᠨ ᠳᠠᠭᠠᠨ ︽ᠣᠪᠣᠷ ᠲᠤᠪᠤᠷ︾ ᠶᠠᠷᠢᠳᠠᠭ ᠢ ᠨᠢ ᠰᠣᠨᠢᠭᠤᠴᠢᠯᠠᠨ ᠭᠠᠶᠢᠬᠠᠵᠤ ︽ᠶᠠᠭᠤ ᠤᠩᠰᠢᠵᠤ ᠪᠠᠶᠢᠭ᠎ᠠ ᠪᠤᠢ︖︾ ᠬᠡᠮᠡᠨ ᠠᠰᠠᠭᠤᠭᠠᠳ ︽ᠠᠯᠠᠭᠠᠨ ᠪᠣᠣᠪᠤ︾ ᠶᠢᠨ ᠠᠮᠲᠠ ᠶᠢ ᠨᠢ ᠠᠮᠰᠠᠵᠤ ᠥᠩᠭᠡᠷᠡᠭᠰᠡᠨ ᠤᠳᠠᠭ᠎ᠠ ᠲᠠᠢ᠃       ︽ᠡᠨᠡ ᠬᠦᠦ ᠲᠥᠷᠥᠯᠬᠢ ᠰᠣᠨᠢᠭᠤᠴᠢ ᠵᠠᠩ ᠲᠠᠢ᠂ ᠦᠭᠡᠨ ᠳᠤ ᠳᠤᠷ᠎ᠠ ᠲᠠᠢ ᠭᠡᠲᠡᠭ ᠨᠢ ᠁︾ ᠭᠡᠵᠦ ᠠᠪᠤ ᠪᠠᠷ ᠢᠶᠠᠨ ᠤᠯᠠᠨ ᠤᠳᠠᠭ᠎ᠠ ᠵᠢᠮᠡᠯᠡᠭᠦᠯᠵᠦ ᠪᠠᠶᠢᠪᠠ᠃ ᠬᠡᠦᠬᠡᠳ ᠨᠠᠰᠤ ᠭᠡᠵᠦ ᠶᠠᠭᠤ ᠪᠦᠭᠦᠨ ᠢ ᠲᠣᠳᠣᠷᠬᠠᠢ ᠮᠡᠳᠡᠬᠦ ᠦᠭᠡᠢ ᠶᠤᠮ ᠴᠢᠨᠢ ᠁ ᠶᠠᠮᠠᠷ ᠠᠷᠭ᠎ᠠ ᠪᠠᠶᠢᠬᠤ ᠪᠤᠢ︖       ᠨᠠᠷᠠ ᠮᠠᠨᠳᠤᠬᠤ ᠪᠠᠷ ᠳᠡᠯᠡᠬᠡᠢ ᠰᠡᠷᠭᠦᠳᠡᠭ᠃ ᠬᠥᠳᠡᠭᠡ ᠲᠠᠯ᠎ᠠ ᠳᠤ ᠮᠥᠩᠬᠡ ᠶᠢᠨ ᠨᠠᠷᠠᠨ ᠮᠠᠨᠳᠤᠵᠤ ᠬᠥᠮᠥᠨ ᠠᠷᠠᠳ ᠲᠤ ᠵᠢᠷᠭᠠᠯ ᠣᠯᠭᠤᠯ᠎ᠠ᠃ ᠢᠩᠭᠢᠬᠦ ᠳᠤ ᠲᠦᠷᠦ ᠭᠦᠷᠦᠨ᠂ ᠲᠦᠮᠡᠨ ᠠᠷᠠᠳ ᠢᠶᠠᠨ ᠢᠪᠡᠭᠡᠨ ᠲᠡᠳᠬᠦᠵᠦ᠂ ᠭᠡᠭᠡᠨ ᠰᠠᠷᠠᠭᠤᠯ ᠢᠷᠡᠭᠡᠳᠦᠢ ᠲᠡᠶᠢᠰᠢ ᠵᠢᠯᠣᠭᠤ ᠰᠤᠩᠭᠠᠨ ᠤᠷᠤᠭᠰᠢᠯᠠᠭᠰᠠᠨ ᠡᠪ ᠬᠠᠮᠲᠤ ᠨᠠᠮ ᠢᠶᠠᠨ ᠡᠭᠡᠯᠢᠲᠦ ᠨᠠᠷᠠ ᠲᠠᠢ ᠡᠭᠡᠭᠡ ᠠᠳᠠᠯᠢ ᠬᠡᠮᠡᠨ ᠰᠢᠳᠦᠨ ᠳᠡᠭᠡᠳᠦᠯᠡᠳᠡᠭ᠃ᠨᠠᠮ ᠮᠢᠨᠢ ᠪᠠᠶᠢᠭᠰᠠᠨ ᠪᠣᠯᠬᠤᠷ ᠡᠬᠡ ᠣᠷᠣᠨ ᠮᠢᠨᠢ ᠪᠠᠯᠠᠷ ᠬᠠᠷᠠᠩᠭᠤᠢ ᠴᠠᠭ ᠢ ᠡᠴᠦᠰᠯᠡᠭᠦᠯᠵᠦ᠂ ᠨᠡᠶᠢᠭᠡᠮ ᠵᠢᠷᠤᠮᠲᠤ ᠦᠨᠡᠨ ᠤ ᠵᠠᠮ ᠢ ᠰᠣᠩᠭᠤᠵᠤ᠂ ᠡᠳᠦᠷ ᠠᠴᠠ ᠡᠳᠦᠷ ᠥᠭᠡᠳᠡᠯᠡᠨ ᠬᠥᠭᠵᠢᠵᠦ᠂ ᠡᠶ᠎ᠡ ᠨᠠᠶᠢᠷᠰᠠᠭ᠂ ᠲᠠᠶᠢᠪᠤᠩ ᠲᠠᠩᠰᠤᠭ ᠢᠶᠠᠷ ᠢᠶᠠᠨ ᠳᠡᠯᠡᠬᠡᠢ ᠶᠢᠨ ᠪᠠᠭ᠋ᠠᠷᠬᠠᠯ ᠢ ᠲᠠᠲᠠᠨ᠎ᠠ᠃       ᠵᠡᠭᠦᠨ ᠬᠥᠷᠰᠢ ᠶᠢᠨ ᠶᠡᠷᠡᠨ ᠲᠠᠪᠤᠨ ᠨᠠᠰᠣᠨ ᠤ ᠥᠨᠳᠥᠷ ᠨᠠᠰᠣᠨ ᠬᠤᠲᠤᠭ ᠵᠣᠭᠤᠭᠯᠠᠭᠰᠠᠨ ᠷᠢᠨᠴᠢᠨ ᠡᠪᠦᠭᠡ ᠬᠡᠨ ᠨᠢᠭᠡᠨ ᠲᠠᠢ ᠠᠭᠤᠯᠵᠠᠬᠤ ᠪᠣᠯᠭᠠᠨ ︽ᠤᠳᠤ ᠶᠢᠨ ᠴᠠᠭ ᠶᠠᠭᠠᠬᠢᠭᠰᠠᠨ ᠰᠠᠶᠢᠬᠠᠨ ᠪᠤᠢ︖ ᠢᠳᠡᠵᠦ ᠡᠮᠦᠰᠬᠦ᠂ ᠡᠳ᠋ᠯᠡᠵᠦ ᠪᠠᠷᠢᠬᠤ ᠠᠴᠠ ᠡᠬᠢᠯᠡᠭᠡᠳ ᠁ ᠬᠠᠭᠤᠴᠢᠨ ᠨᠡᠶᠢᠭᠡᠮ ᠳᠤ ᠪᠣᠯᠤᠭᠰᠠᠨ ᠪᠣᠯ ᠤᠤ︖ ᠬᠥᠮᠥᠨ᠂ ᠮᠠᠯ ᠢ ᠴᠦ ᠬᠦᠷᠬᠦ ᠦᠭᠡᠢ ᠪᠠᠶᠢᠭᠰᠠᠨ︾ ᠭᠡᠵᠦ ᠥᠩᠭᠡᠷᠡᠭᠰᠡᠨ ᠢᠶᠠᠨ ᠳᠤᠷᠠᠳᠬᠠᠨ ᠶᠠᠷᠢᠬᠤ ᠶᠢᠨ ᠳᠠᠭᠠᠤ ︽ᠡᠪ ᠬᠠᠮᠲᠤ ᠨᠠᠮ ᠤᠨ ᠰᠠᠶᠢᠨ ᠢᠶᠠᠷ ᠡᠭᠡᠯ ᠠᠷᠠᠳ ᠡᠷᠬᠡ ᠴᠢᠯᠦᠭᠡ ᠪᠠᠨ ᠣᠯᠵᠤ ᠪᠠᠶᠠᠨ ᠴᠢᠨᠡᠭᠡᠯᠢᠭ ᠠᠮᠢᠳᠤᠷᠠᠯ ᠢ ᠡᠳ᠋ᠯᠡᠵᠦ ᠶᠠᠪᠤᠨ᠎ᠠ᠃ ᠶᠠᠭᠠᠬᠢᠭᠰᠠᠨ ᠵᠢᠷᠭᠠᠯᠲᠠᠢ ᠪᠤᠢ︖  ᠬᠡᠦᠬᠡᠳ ᠮᠢᠨᠢ ᠨᠠᠮ ᠲᠦᠷᠦ ᠤᠯᠤᠰ ᠣᠷᠣᠨ ᠤ ᠪᠠᠨ ᠲᠥᠯᠥᠭᠡ ᠴᠢᠷᠮᠠᠶᠢᠬᠤ ᠨᠢ ᠲᠠᠭᠠᠷᠠᠨ᠎ᠠ᠃ ᠪᠢ ᠴᠢᠨᠢ ᠣᠲᠣ ᠴᠣᠬᠤᠮ ᠦᠵᠡᠭᠡᠳᠦᠢ ᠶᠢ ᠦᠵᠡᠵᠦ ᠡᠳ᠋ᠯᠡᠭᠡ ᠦᠭᠡᠢ ᠶᠢ ᠡᠳ᠋ᠯᠡᠵᠦ ᠪᠤᠢ᠃ ᠬᠠᠪᠤᠷ ᠤᠨ ᠡᠬᠢ ᠪᠠᠷ ᠪᠡᠭᠡᠵᠢᠩ᠂ ᠱᠠᠩᠬᠠᠢ᠂ ᠤᠳᠠᠢ ᠁ ᠠᠯᠢ ᠤᠯᠠᠨ ᠭᠠᠵᠠᠷ ᠲᠣᠭᠤᠷᠢᠵᠤ ᠢᠷᠡᠪᠡ᠃ ᠨᠢᠰᠬᠡᠯ ᠬᠡᠮᠡᠭᠴᠢ ᠰᠢᠪᠠᠭᠤ ᠰᠢᠭ᠋ ᠨᠢᠰᠳᠡᠭ ᠴᠦ ᠴᠣᠮᠣ ᠲᠠᠢ ᠤᠰᠤ ᠴᠦ ᠴᠠᠯᠭᠢᠬᠤ ᠦᠭᠡᠢ ᠨᠢ ᠰᠣᠨᠢᠨ︕ ᠲᠡᠷᠡ ᠬᠤᠯᠠ ᠶᠢᠨ ᠵᠠᠮ ᠴᠢᠨᠢ ᠪᠢᠳᠡᠨ ᠤ ᠪᠠᠷᠠᠭᠤᠨ ᠵᠡᠭᠦᠨ ᠭᠡᠷ ᠲᠡᠭᠡᠨ ᠲᠣᠭᠤᠷᠢᠬᠤ ᠲᠠᠢ ᠥᠭᠡᠷ᠎ᠡ ᠴᠦ ᠦᠭᠡᠢ᠃ ᠨᠠᠷᠠᠨ ᠳᠤ ᠠᠳᠠᠯᠢ ᠨᠠᠮ ᠲᠠᠢ ᠪᠣᠯᠬᠤᠷ ᠠᠮᠢᠳᠤᠷᠠᠯ ᠮᠢᠨᠢ ᠰᠠᠶᠢᠬᠠᠨ᠃ ᠨᠠᠮ ᠰᠢᠭ᠋ ᠨᠠᠷᠠ ᠲᠠᠢ ᠲᠦᠷᠦ ᠮᠢᠨᠢ ᠰᠠᠶᠢᠬᠠᠨ︕︾ ᠭᠡᠵᠦ ᠣᠮᠣᠭᠰᠢᠨ ᠶᠠᠷᠢᠳᠠᠭ᠃       ᠬᠥᠮᠥᠨ ᠵᠤᠨ ᠤ ᠰᠡᠳᠬᠢᠯ ᠢ ᠭᠡᠶᠢᠭᠦᠯᠦᠭᠰᠡᠨ ᠮᠥᠩᠬᠡ ᠶᠢᠨ ᠨᠠᠷᠠ - ᠲᠤᠮᠳᠠᠳᠤ ᠤᠯᠤᠰ ᠤᠨ ᠡᠪ ᠬᠠᠮᠲᠤ ᠨᠠᠮ ᠮᠢᠨᠤ᠃ ᠲᠠᠨ ᠳᠠᠭᠠᠨ ᠪᠢ ᠬᠠᠶᠢᠷᠠᠲᠠᠢ︕ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ