ᠵᠦᠢᠷ ᠰᠠᠴᠠᠨ ᠦᠬᠡ
ᠨᠡᠶᠢᠲᠡᠯᠡᠭᠰᠡᠨ ᠴᠠᠭ᠄
2024/3/19
    ᠡᠳ᠋ ᠤᠨ ᠰᠠᠶᠢᠨ ᠭᠠᠳᠠᠨ᠎ᠠ ᠪᠠᠨ    ᠬᠥᠮᠥᠨ ᠤ ᠰᠠᠶᠢᠨ ᠳᠣᠲᠣᠨ᠎ᠠ ᠪᠠᠨ        ᠦᠷ᠎ᠡ ᠰᠠᠶᠢᠲᠠᠢ ᠨᠢ ᠣᠮᠣᠷᠬᠠᠭ        ᠤᠨᠤᠭ᠎ᠠ ᠰᠠᠶᠢᠲᠠᠢ ᠨᠢ ᠪᠠᠷᠳᠠᠮ    ᠪᠠᠶᠠᠨ ᠭᠡᠵᠦ ᠪᠢᠲᠡᠭᠡᠢ ᠪᠠᠷᠳᠠᠮᠨᠠ    ᠪᠠᠭᠠᠲᠤᠷ ᠭᠡᠵᠦ ᠪᠢᠲᠡᠭᠡᠢ ᠤᠮᠤᠬᠰᠢ        ᠢᠷᠡᠬᠦ ᠳᠤ ᠭᠠᠵᠠᠷ ᠢᠶᠠᠨ ᠦᠵᠡ        ᠶᠠᠪᠤᠬᠤ ᠳᠤ ᠮᠥᠷ ᠢᠶᠠᠨ ᠬᠠᠷᠠ    ᠠᠯᠳᠠ ᠮᠥᠩᠭᠦ ᠶᠢ ᠣᠯᠣᠨ᠎ᠠ    ᠠᠪᠤ ᠡᠵᠢ ᠶᠢ ᠣᠯᠬᠤ ᠦᠭᠡᠢ        ᠢᠷᠦᠭᠡᠯ ᠲᠠᠢ ᠬᠥᠮᠥᠨ ᠵᠠᠮ ᠳᠡᠭᠡᠷ᠎ᠡ        ᠥᠰᠢᠶ᠎ᠡ ᠲᠠᠢ ᠬᠥᠮᠥᠨ ᠳᠠᠪᠠᠭ᠎ᠠ ᠳᠡᠭᠡᠷ᠎ᠡ    ᠡᠴᠢᠭᠡ ᠨᠢ ᠬᠥᠬᠡ ᠪᠠᠨ ᠮᠡᠳᠡᠳᠡᠭ    ᠡᠵᠡᠨ ᠨᠢ ᠶᠠᠭᠤᠮ᠎ᠠ ᠪᠠᠨ ᠲᠠᠨᠢᠳᠠᠭ        ᠠᠯᠤᠰ ᠢ ᠬᠠᠷᠠᠭᠠᠳ        ᠠᠯᠠᠭᠠᠨ ᠳᠠᠬᠢ ᠪᠠᠨ ᠠᠯᠳᠠᠬᠤ    
ᠢᠷᠡᠯᠲᠡ᠄ ᠤᠷᠠᠳ ᠤᠨ ᠬᠤᠶᠢᠲᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ