ᠴᠠᠰᠤᠨ ᠳᠤ ᠳᠡᠯᠭᠡᠷᠡᠭᠰᠡᠨ ᠢᠷᠭᠤᠢ
ᠨᠡᠶᠢᠲᠡᠯᠡᠭᠰᠡᠨ ᠴᠠᠭ᠄
2024/3/19
       ᠦᠨᠦᠳᠦᠷ ᠭᠤᠷᠪᠠ ᠶᠢᠰᠥ᠃       ᠦᠷᠯᠦᠭᠡ ᠶᠢᠨ ᠨᠠᠷᠠ ᠣᠷᠭ᠎ᠠ ᠶᠢᠨ ᠬᠢᠷᠢ ᠮᠠᠨᠳᠤᠪᠠ ᠤᠤ ᠦᠭᠡᠢ ᠦᠦ ᠰᠦᠢᠬᠡᠯᠴᠢᠬᠡᠭᠰᠡᠨ ᠪᠠᠶᠢᠪᠠ᠃ ᠠᠷᠭ᠎ᠠ ᠦᠭᠡᠢ ᠯᠠ ᠭᠤᠨ᠎ᠠ ᠶᠢᠨ ᠡᠪᠡᠷ ᠢ ᠬᠠᠭ᠎ᠠ ᠬᠦᠯᠳᠡᠭᠡᠮᠡᠷ ᠡᠳᠤᠷ ᠪᠣᠯᠬᠤ ᠨᠢ ᠡ︕ ᠬᠤᠳᠳᠤᠭ ᠤᠨ ᠬᠦᠵᠤᠬᠦᠨ ᠠᠴᠠ ᠵᠠᠯᠭᠠᠵᠤ ᠲᠠᠯᠪᠢᠭᠰᠠᠨ ᠤᠷᠳᠣ ᠲᠡᠮᠤᠷ ᠤᠩᠭᠤᠴᠠᠨ ᠠᠴᠠ ᠠᠭᠤᠷ ᠰᠠᠪᠰᠠᠭᠰᠠᠨ ᠬᠦᠢᠳᠡᠨ ᠤᠰᠣ ᠶᠢ ᠬᠦᠵᠡᠭᠡ ᠪᠠᠨ ᠲᠡᠨᠡᠶᠢᠳᠡᠯ᠎ᠡ ᠤᠤᠭᠤᠭᠰᠠᠨ ᠦᠬᠡᠷ ᠤᠳ ᠪᠡᠯᠴᠢᠬᠡᠷ ᠵᠦᠭ ᠢᠶᠠᠨ ᠲᠤᠯᠤᠭᠠᠢ ᠳᠠᠮᠠᠷᠤᠳᠠᠭᠤᠯᠤᠨ ᠰᠣᠪᠤᠷᠠᠬᠤ ᠳᠤ ᠵᠢᠰᠤᠮ ᠨᠢ ᠪᠦᠷ ᠬᠤᠪᠢᠷᠠᠴᠢᠬᠠᠭᠰᠠᠨ᠂ ᠤᠤᠯ ᠤᠨ ᠬᠠᠷ᠎ᠠ ᠦᠬᠡᠷ ᠨᠢ ᠪᠤᠭᠤᠷᠤᠯ ᠦᠬᠡᠷ ᠪᠤᠯᠵᠣ᠂ ᠤᠯᠠᠭᠠᠨ ᠦᠬᠡᠷ ᠤᠳ ᠨᠢ ᠴᠠᠭᠠᠨ ᠦᠬᠡᠷ ᠪᠤᠯᠴᠢᠬᠠᠡᠡᠰᠠᠨ ᠪᠦᠭᠡᠳ᠂ ᠠᠭᠤᠷ ᠪᠠᠭᠠᠬᠢᠭᠰᠠᠨ ᠰᠠᠶ᠋ᠢᠬᠠᠨ ᠤ ᠦᠬᠡᠷ ᠤᠨ ᠪᠠᠭᠠᠰᠣ ᠬᠠᠭᠠᠰ ᠭᠤᠳᠤᠯᠢ ᠳᠠᠮᠠᠬᠢ ᠲᠠᠲᠠᠬᠤ ᠶᠢᠨ ᠬᠤᠭᠤᠷᠤᠨᠳᠣ᠂ ᠨᠤᠬᠠᠢ ᠴᠤᠬᠢᠪᠠᠯ ᠭᠠᠰᠠᠯᠭᠠᠮᠠᠷ ᠲᠢᠱ ᠭᠡᠰᠡᠨ ᠬᠦᠯᠳᠡᠭᠦᠰᠣ ᠪᠤᠯᠵᠤ ᠪᠠᠶᠢᠯ᠎ᠠ᠃        ᠬᠦᠬᠡ ᠬᠦᠪᠡᠭᠡ ᠲᠠᠳᠠᠭᠰᠠᠨ ᠴᠡᠪᠳᠡᠭᠡᠷ ᠲᠡᠭᠷᠢ ᠶᠢᠨ ᠠᠯᠤᠰ ᠪᠠᠷᠠᠭᠤᠨ ᠬᠤᠶᠢᠳᠠᠢ ᠤᠯᠠᠨ ᠴᠡᠩᠬᠡᠷ ᠠᠭᠤᠯᠠᠰ ᠤᠨ ᠤᠷᠬᠢᠯ ᠢᠶᠠᠷ ᠦᠶ᠎ᠡ ᠦᠶ᠎ᠡ ᠴᠠᠰᠤᠨ ᠰᠢᠮᠠᠷᠭ᠎ᠠ ᠬᠤᠶᠢᠰᠬᠠᠭᠠᠵᠤ᠂ ᠦᠴᠤᠭᠡᠳᠤᠷ ᠤᠨ ᠤᠷᠤᠭᠰᠠᠨ ᠲᠦᠷᠡᠢ ᠬᠤᠳᠬᠤᠮ᠎ᠠ ᠴᠠᠰᠣ᠂ ᠴᠠᠶᠢᠪᠠᠭᠠᠷ ᠴᠢᠷᠠᠶᠢᠯᠠᠭᠰᠠᠨ ᠨᠠᠷᠠᠨ ᠤ ᠰᠤᠯᠳᠠᠭᠠᠷ ᠭᠡᠷᠡᠯ ᠳᠤ ᠳᠠᠭᠠᠷᠠᠳᠠᠰᠣ ᠬᠦᠷᠭᠡᠮ᠎ᠡ ᠴᠠᠶᠢᠯᠵᠡᠨ᠎ᠠ᠃        ᠬᠡᠵᠢᠶᠡᠨᠡᠢ ᠬᠤᠨᠢ ᠭᠠᠷᠬᠤ ᠨᠠᠷᠠ ᠪᠤᠯᠴᠢᠬᠠᠭᠰᠠᠨ ᠪᠤᠯᠬᠤᠷ ᠰᠤᠶᠤᠯᠭᠡᠷᠡᠯ᠂ ᠬᠤᠨᠢᠨ ᠬᠤᠷᠤᠭᠠᠨ ᠤ ᠪᠠᠨ ᠡᠬᠦᠳᠡ ᠶᠢ ᠨᠡᠭᠡᠭᠡᠵᠤ ᠬᠤᠨᠢᠳ ᠢᠶᠠᠨ ᠠᠯᠭᠤᠷ ᠰᠤᠪᠤᠭᠤᠯᠤᠨ᠂ ᠪᠡᠯᠴᠢᠭᠡᠷ ᠲᠤ ᠭᠠᠷᠬᠤ ᠬᠤᠨᠢᠳ ᠢᠶᠠᠨ ᠲᠤᠭᠠᠯᠠᠬᠤ ᠭᠡᠰᠡᠨ ᠪᠤᠯᠪᠠᠴᠤ ᠰᠦᠷᠤᠭ᠌ ᠤᠨ ᠲᠦᠷᠤᠬᠦᠣ ᠰᠦᠪᠡᠭᠡ ᠠᠯᠠᠭ᠂ ᠬᠠᠮᠠᠷ ᠬᠠᠯᠵᠢᠨ᠂ ᠬᠠᠷ᠎ᠠ ᠲᠦᠷᠤᠬᠦᠳᠣ ᠢᠷᠭᠡ ᠠᠴᠠ ᠲᠡᠷᠢᠬᠦᠯᠡᠨ᠂ ᠬᠠᠭᠠᠰ ᠨᠡᠭᠡᠭᠡᠯᠳᠡᠳᠠᠢ ᠡᠬᠦᠳᠡ ᠶᠢᠨ ᠲᠡᠭᠡᠬᠦᠷ ᠬᠠᠰᠢᠬᠤ ᠶᠢᠨ ᠵᠠᠪ ᠦᠭᠡᠢ ᠬᠤᠶᠢᠨ᠎ᠠ ᠬᠤᠶᠢᠨ᠎ᠠ ᠠᠴᠠ ᠪᠠᠨ ᠰᠣᠮᠤᠳᠠᠨ ᠦᠰᠤᠷᠴᠤ᠂ ᠪᠡᠯᠴᠢᠭᠡᠷ ᠵᠦᠭ ᠢᠶᠠᠨ ᠰᠠᠯᠬᠢ ᠰᠦᠷᠤᠨ ᠬᠤᠰᠢᠭᠤᠷᠠᠨ ᠴᠤᠪᠤᠯ᠎ᠠ᠃        ︽ᠡᠪᠡᠰᠤ ᠪᠤᠷᠳᠤᠭ᠎ᠠ ᠦᠯᠡᠬᠦᠣ ᠨᠦᠭᠡᠴᠠᠯᠡᠵᠣ᠂ ᠬᠤᠷᠤᠭ᠎ᠠ ᠰᠠᠷᠠᠪᠴᠢ ᠪᠢᠬᠢᠯᠢᠭ ᠲᠤᠯᠠᠭᠠᠨ ᠤ ᠲᠡᠭᠡᠷ᠎ᠡ᠂ ᠪᠡᠯᠴᠢᠭᠡᠷ ᠴᠤ ᠵᠤᠵᠠᠭᠠᠨ ᠰᠠᠬᠤᠯᠠᠭ ᠲᠤᠯᠠ ᠬᠤᠨᠢᠳ ᠮᠢᠨᠢ ᠢᠷᠡᠬᠦ ᠵᠢᠯ ᠤᠨ ᠨᠤᠭᠤᠭᠠᠨ ᠳᠤ ᠮᠦᠨ ᠲᠤᠭᠯᠠᠭᠰᠠᠨ ᠢᠶᠠᠷ ᠢᠶᠠᠨ ᠤᠷᠤᠨ᠎ᠠ ᠳ᠋ᠠ᠂ ᠡᠶᠢᠮᠣ ᠲᠠᠷᠭᠤ ᠰᠠᠶᠢᠳᠠᠢ ᠬᠤᠨᠢᠳ ᠶᠠᠮᠠᠷ ᠴᠤ ᠵᠤᠳ ᠢ ᠪᠤᠷᠪᠢᠨ ᠲᠤᠤᠷ᠎ᠠ ᠪᠠᠨ ᠲᠡᠪᠰᠡᠨ᠎ᠡ ᠳ᠋ᠠ︾ ᠭᠡᠵᠣ ᠰᠦᠷᠤᠭ᠌ ᠤᠨ ᠢᠶᠠᠨ ᠬᠤᠶᠢᠨ᠎ᠠ ᠠᠴᠠ ᠬᠠᠷᠠᠵᠤ ᠵᠤᠭᠰᠣᠭᠰᠠᠨ ᠰᠤᠶᠤᠯᠭᠡᠷᠡᠯ ᠤᠨ ᠭᠡᠷᠡᠯ ᠰᠠᠴᠤᠷᠠᠭᠰᠠᠨ ᠲᠤᠩᠭᠠᠯᠠᠭ ᠪᠤᠷᠣ ᠨᠢᠳᠣ᠂ ᠭᠡᠭᠡ ᠤᠶᠢᠭᠰᠠᠨ ᠠᠯᠢᠮᠠᠨ ᠤᠯᠠᠭᠠᠨ ᠬᠠᠴᠡᠷ ᠨᠢ ᠴᠠᠭᠠᠨ᠎ᠠ ᠴᠠᠶᠢᠯᠵᠡᠬᠤ ᠬᠠᠰ ᠤᠨ ᠴᠠᠭᠠᠨ ᠴᠠᠰᠣ᠂ ᠴᠠᠩ ᠰᠠᠭᠤᠭᠰᠠᠨ ᠴᠡᠩᠬᠡᠷ ᠨᠤᠤᠰᠤᠨ ᠠᠯᠴᠢᠭᠤᠷ ᠲᠠᠢ ᠦᠩᠭᠡ ᠢᠯᠭᠠᠷᠠᠮᠡᠷ ᠢᠯᠡᠳᠠᠢ ᠴᠤᠭᠳᠠᠢ ᠬᠠᠷᠠᠭᠳᠠᠨ᠎ᠠ᠃ ︽ᠮᠠᠯᠠᠭᠠᠢ ᠶᠢᠨ ᠦᠰᠣ ᠶᠢ ᠪᠠᠷᠢᠨ ᠪᠠᠶᠢᠵᠣ ᠲᠤᠭᠠᠯᠠᠨ᠂ ᠮᠠᠯ ᠤᠨ ᠢᠶᠠᠨ ᠲᠤᠭ᠎ᠠ ᠶᠢ ᠰᠢᠷᠪᠢᠨ ᠪᠠᠶᠢᠵᠣ ᠲᠤᠭᠠᠯᠠᠳᠠᠭ︾ ᠤᠬᠠᠭᠠᠯᠢᠭ ᠰᠣᠷᠮᠣᠭᠤᠨ ᠰᠤᠶᠤᠯᠭᠡᠷᠡᠯ ᠬᠤᠨᠢ ᠪᠠᠨ ᠲᠤᠭᠠᠯᠠᠵᠤ ᠴᠢᠳᠠᠭᠰᠠᠨ ᠦᠭᠡᠢ ᠭᠡᠵᠤ ᠲᠡᠳᠤᠢ ᠯᠠ ᠤᠴᠢᠷ ᠪᠤᠯᠭᠠᠭᠰᠠᠨ ᠦᠭᠡᠢ ᠮᠦᠬᠦᠭᠳᠣ ᠶᠢᠨ ᠡᠭᠡᠬᠡᠪᠴᠢ ᠳᠤ ᠬᠤᠨᠢ ᠪᠠᠨ ᠲᠤᠭᠳᠠᠭᠠᠴᠢᠬᠠᠭᠠᠳ᠂ ᠮᠦᠬᠡᠷᠤᠣ ᠱᠤᠷᠤᠩ ᠤᠨ ᠤᠷᠤᠢ ᠠᠴᠠ ᠲᠤᠭᠠᠯᠠᠬᠤ ᠶᠤᠮ ᠪᠤᠯ ᠨᠡᠩ ᠬᠢᠯᠪᠠᠷ ᠭᠡᠵᠤ ᠰᠡᠳᠬᠢᠪᠡ᠃       ᠦᠯᠤ ᠮᠠᠳᠡᠭ ᠶᠠᠪᠠᠭᠠᠨ ᠰᠢᠭᠤᠷᠭ᠎ᠠ ᠬᠠᠶᠠ ᠬᠠᠶᠠ ᠪᠤᠰᠴᠤ᠂ ᠬᠦᠢᠳᠡᠨ ᠤ ᠡᠷᠴᠢ ᠤᠯᠠᠮ ᠴᠢᠩᠭᠠᠷᠠᠬᠤ ᠪᠠᠶᠢᠳᠠᠯ ᠲᠠᠢ᠃ ᠵᠢᠵᠢᠭ ᠲᠠᠷᠠᠺᠲ᠋ᠤᠷ ᠤᠨ ᠬᠠᠮᠠᠷ ᠲᠡᠭᠡᠷ᠎ᠡ ᠵᠡᠭᠡᠵᠤ ᠵᠤᠬᠢᠶᠠᠭᠰᠠᠨ ᠵᠢᠷᠭᠤᠭᠠᠨ ᠰᠠᠯᠠᠭ᠎ᠠ ᠲᠠᠢ ᠰᠡᠷᠡᠭᠡ ᠪᠠᠷ ᠠᠭᠤᠯᠠ ᠰᠢᠭ᠋ ᠤᠪᠤᠭᠠᠯᠠᠭᠰᠠᠨ ᠡᠪᠡᠰᠣᠨ ᠠᠴᠠ᠂ ᠳᠠᠯᠠ ᠨᠠᠶᠠᠨ ᠵᠢᠩ ᠤᠨ ᠲᠤᠮᠤᠬᠠᠨ ᠪᠤᠭᠤᠯᠳᠠ ᠲᠠᠢ ᠬᠦᠬᠡ ᠡᠪᠡᠰᠣ ᠶᠢ ᠬᠡᠳᠤᠬᠡᠨ ᠮᠢᠨᠦ᠋ᠲ ᠤᠨ ᠲᠤᠳᠤᠷ᠎ᠠ ᠵᠢᠭᠳᠡ ᠰᠠᠶᠢᠬᠠᠨ ᠲᠠᠷᠬᠠᠭᠠᠭᠰᠠᠨ ᠰᠤᠶᠤᠯᠭᠡᠷᠡᠯ᠂ ᠭᠤᠷᠪᠠᠨ ᠵᠠᠭᠤ ᠳᠠᠯᠠ ᠶᠢᠰᠤᠨ ᠲᠤᠯᠤᠭᠠᠢ ᠲᠦᠯᠯᠡᠬᠦ ᠰᠢᠬᠠᠭᠰᠠᠨ ᠬᠤᠨᠢᠳ ᠢᠶᠠᠨ ᠲᠤᠬᠢᠯᠢᠭ ᠲᠤᠯᠠᠭᠠᠨ ᠰᠠᠷᠠᠪᠴᠢᠨ ᠤ ᠡᠭᠡᠪᠤᠷ ᠡᠩᠭᠡᠷ ᠲᠤ ᠡᠪᠡᠰᠣᠯᠡᠭᠡᠳ᠂ ᠰᠠᠷ᠎ᠠ ᠶᠢᠨ ᠡᠮᠤᠨ᠎ᠡ ᠰᠢᠨ᠎ᠡ ᠠᠪᠤᠭᠰᠠᠨ ᠴᠠᠭᠠᠨ ᠫᠢᠺᠠ ᠪᠠᠨ ᠪᠠᠷᠢᠵᠣ ᠬᠤᠨᠢᠳ ᠤᠨ ᠢᠶᠠᠨ ᠠᠷᠣ ᠠᠴᠠ ᠭᠠᠯᠭᠢᠭᠤᠯᠤᠯ᠎ᠠ᠃        ᠰᠤᠶᠤᠯᠭᠡᠷᠡᠯ ᠤᠨ ᠨᠦᠬᠦᠷ ᠨᠢ ᠰᠦᠷᠵᠢᠪ᠊ ‍ᠬᠤᠯᠠᠩ ᠦᠨᠤᠳᠤᠷ ᠤᠨ ᠬᠤᠰᠢᠭᠤᠨ ᠤ ᠪᠠᠨ ᠮᠦᠩᠬᠦᠨ ᠡᠪᠤᠯ ᠤᠨ ᠨᠠᠭᠠᠳᠤᠮ ᠳᠤ ᠪᠦᠬᠡ ᠪᠠᠷᠢᠯᠳᠤᠬᠤ ᠪᠠ ᠮᠤᠷᠢᠨ ᠤᠷᠤᠯᠳᠤᠭᠠᠨ ᠳᠤ ᠤᠷᠤᠯᠴᠠᠨ᠎ᠠ ᠭᠡᠵᠤ ᠦᠴᠤᠬᠡᠳᠤᠷ ᠦᠷ ᠢᠶᠠᠷ ᠡᠷᠲᠡᠯᠡᠭᠰᠡᠨ ᠪᠤᠯᠬᠤᠷ ᠬᠤᠨᠢᠨ ᠳᠠᠭᠠᠨ ᠶᠠᠪᠤᠵᠤ ᠪᠠᠶᠢᠭ᠎ᠠ ᠨᠢ ᠡᠨᠡ ᠶᠤᠮ᠃        ᠡᠪᠤᠯᠵᠢᠶᠡᠨ ᠠᠴᠠ ᠨᠢ ᠬᠤᠶᠢᠰᠢ ᠲᠠᠪᠤᠨ ᠭᠠᠵᠠᠷ ᠤᠨ ᠪᠠᠷᠤᠭ ᠲᠤ᠋ ᠮᠦ᠋ᠬᠦᠭᠳᠣ ᠶᠢᠨ ᠡᠬᠡᠬᠡᠪᠴᠢ ᠳᠤ ᠬᠤᠨᠢᠳ ᠨᠢ ᠰᠠᠯᠬᠢ ᠰᠦᠷᠤᠨ ᠲᠤᠭᠳᠠᠵᠤ᠂ ᠬᠡᠳᠤᠨ ᠠᠵᠢᠷᠭ᠎ᠠ ᠠᠳᠤᠭᠤ᠂ ᠨᠡᠯᠢᠶᠡᠳ ᠦᠬᠡᠷ ᠤᠨ ᠪᠡᠯᠴᠢᠭᠰᠡᠨ ᠮᠦᠷ ᠢ ᠳᠠᠭᠠᠵᠤ᠂ ᠬᠢᠯᠭᠠᠨ᠎ᠠ᠂ ᠬᠢᠶᠠᠭ ᠤᠨ ᠰᠣᠷ ᠬᠢᠷᠭᠠᠵᠤ ᠳᠠᠭᠠᠳᠠᠢ ᠢᠳᠡᠰᠢᠯᠡᠨ᠎ᠡ᠃ ᠮᠦᠬᠡᠷᠤᠣ ᠱᠤᠷᠤᠩ ᠤᠨ ᠬᠤᠷᠮᠤᠢ ᠳᠤ ᠬᠦᠷᠴᠤ᠂ ᠰᠣᠶᠤᠯᠭᠡᠷᠡᠯ ᠲᠡᠷᠭᠡᠨ ᠠᠴᠠ ᠪᠠᠨ ᠪᠠᠭᠤᠵᠤ ᠤᠷᠤᠢ ᠦᠭᠡᠳᠡ ᠠᠯᠬᠤᠪᠠ᠃ ᠨᠤᠭᠤᠭᠠᠨ ᠲᠤᠷᠭᠠᠨ ᠭᠠᠳᠠᠷ ᠲᠠᠢ ᠲᠡᠪᠡᠯ ᠱᠠᠪ ᠭᠡᠲᠡᠯ᠎ᠡ ᠬᠡᠳᠦᠷᠴᠥ᠂ ᠨᠤᠮᠢᠨ ᠦᠩᠭᠡ ᠲᠠᠢ ᠴᠡᠩᠬᠡᠷ ᠨᠤᠤᠰᠣᠨ ᠠᠯᠴᠢᠭᠤᠷ ᠤᠷᠢᠶᠠᠭᠰᠠᠨ ᠰᠣᠶᠤᠯᠭᠡᠷᠡᠯ ᠢ ᠬᠤᠯᠠ ᠠᠴᠠ ᠬᠠᠷᠠᠬᠤ ᠳᠤ ᠴᠡᠯ ᠨᠤᠭᠤᠭᠠᠨ ᠡᠰᠢ ᠲᠠᠢ᠂ ᠴᠡᠩᠬᠡᠷ ᠬᠦᠬᠡ ᠲᠠᠯᠪᠢ ᠲᠠᠢ ᠲᠠᠯ᠎ᠠ ᠶᠢᠨ ᠢᠷᠭᠤᠢ᠂ ᠮᠦᠩᠬᠦᠨ ᠴᠠᠭᠠᠨ ᠴᠠᠰᠤᠨ ᠤ ᠲᠤᠮᠳᠠ ᠪᠠᠳᠠᠷᠠᠨ ᠲᠡᠯᠭᠡᠷᠡᠵᠤ ᠪᠠᠶᠢᠭ᠎ᠠ ᠰᠢᠭ᠋ ᠰᠣᠷᠭᠤᠭ ᠢᠳᠡᠷᠡᠬᠦᠨ ᠬᠠᠷᠠᠭᠳᠠᠬᠤ ᠪᠦᠭᠡᠳ ᠦᠨᠳᠤᠷ ᠲᠦᠷᠡᠢ ᠲᠠᠢ ᠰᠡᠪᠬᠢᠨ ᠭᠤᠳᠤᠯ ᠢᠰᠬᠦᠯᠤᠭ᠍ᠰᠡᠨ ᠬᠦᠯ ᠤᠨ ᠮᠦᠷ ᠨᠢ ᠲᠤᠭᠤᠰᠤ ᠲᠤᠷᠳᠤᠭ ᠰᠠᠭᠤᠭ᠎ᠠ ᠦᠭᠡᠢ ᠰᠢᠨᠡᠬᠡᠨ ᠴᠠᠭᠠᠨ ᠴᠠᠰᠣᠨ ᠲᠡᠭᠡᠷ᠎ᠡ ᠲᠤᠪ ᠲᠤᠳᠤᠬᠠᠨ ᠲᠤᠷᠠᠶᠢᠨ᠎ᠠ᠃ ᠡᠪᠤᠯ ᠤᠨ ᠭᠤᠤᠯ ᠤᠨ ᠢᠳᠡ ᠬᠦᠢᠳᠡᠨ ᠲᠦᠮᠡ ᠮᠢᠩᠭᠠᠨ ᠵᠡᠬᠦᠣ ᠪᠠᠷ ᠢᠶᠠᠨ ᠰᠣᠶᠤᠯᠭᠡᠷᠡᠯ ᠤᠨ ᠨᠢᠭᠤᠷ ᠬᠠᠴᠠᠷ ᠢ ᠰᠢᠪᠡᠬᠦ ᠶᠢ ᠰᠠᠨᠠᠭᠰᠠᠨ ᠴᠤ ᠰᠠᠶ᠋ᠢ ᠯᠠ ᠭᠤᠴᠢ ᠭᠠᠷᠴᠤ ᠪᠠᠶᠢᠭ᠎ᠠ ᠴᠠᠬᠢᠷᠠᠭ ᠵᠠᠯᠠᠭᠤ ᠪᠦᠰᠡᠬᠦᠢ ᠶᠢᠨ ᠵᠢᠪᠬᠤᠭ᠎ᠠ ᠲᠠᠢ ᠤᠯᠠᠭ᠎ᠠ ᠪᠤᠳᠠᠷᠠᠭᠰᠠᠨ ᠬᠠᠴᠠᠷ ᠠᠴᠠ ᠴᠢᠪ ᠴᠢᠮᠡᠭᠡ ᠦᠭᠡᠢ ᠬᠠᠯᠢᠷᠠᠨ ᠵᠠᠶᠢᠯᠠᠵᠤ ᠪᠠᠶᠢᠯ᠎ᠠ᠃        ︽ᠪᠦᠬᠦ ᠬᠤᠨᠢᠳ ᠤᠨ ᠲᠤᠭ᠎ᠠ ᠪᠠᠷ ᠪᠤᠳᠤᠪᠠᠯ ᠪᠡᠯᠴᠢᠭᠡᠷ ᠲᠤ ᠭᠠᠷᠤᠭᠰᠠᠨ ᠨᠢ ᠲᠦᠷᠪᠡᠨ ᠵᠠᠭᠤ ᠬᠤᠷᠢᠨ ᠲᠠᠪᠤ ᠪᠠᠶᠢᠪᠠᠯ ᠲᠠᠭᠠᠷᠠᠨ᠎ᠠ︾ ᠭᠡᠳ᠂ ᠮᠦᠬᠡᠷᠤᠣ ᠱᠤᠷᠤᠩ ᠤᠨ ᠤᠷᠤᠢ ᠳᠠᠬᠢ ᠪᠦᠳᠤᠬᠦᠨ ᠬᠠᠳᠠᠨ ᠲᠡᠭᠡᠷ᠎ᠡ ᠵᠤᠭᠰᠣᠵᠤ᠂ ᠭᠤᠷᠪᠠ ᠳᠠᠬᠢᠵᠤ ᠬᠤᠨᠢ ᠪᠠᠨ ᠲᠤᠭᠠᠯᠠᠬᠤ ᠳᠤ ᠴᠢᠪ ᠭᠡᠳᠡᠯ᠎ᠡ ᠲᠠᠭᠠᠷᠠᠵᠤ ᠪᠠᠶᠢᠪᠠ᠃ ᠰᠦᠷᠵᠢᠪᠬᠤᠯᠠᠩ᠂ ᠰᠣᠶᠣᠯᠭᠡᠷᠡᠯ ᠬᠤᠶᠠᠷ ᠪᠤᠯ ᠲᠠᠭᠠᠨᠠᠳᠣ ᠶᠢᠨ ᠵᠠᠳᠠᠭᠠᠢ ᠶᠢᠨ ᠬᠤᠶᠠᠷ ᠬᠦᠪᠡᠭᠡᠨ ᠳᠤ ᠪᠠᠷ᠎ᠠ ᠪᠠᠷ᠎ᠠ ᠪᠠᠨ ᠠᠪᠴᠤ ᠰᠠᠭᠤᠭᠰᠠᠨ ᠬᠤᠶᠠᠷ ᠠᠶᠢᠯ ᠤᠨ ᠬᠡᠤᠬᠡᠳ ᠪᠠᠶᠢᠵᠤ᠂ ᠠᠷᠠᠳ ᠤᠨ ᠰᠣᠷᠭᠠᠭᠤᠯᠢ ᠳᠤ ᠠᠩᠬᠠᠯᠠᠨ ᠶᠠᠪᠤᠬᠤ ᠳᠠᠭᠠᠨ ᠠᠯᠠᠭ ᠱᠠᠷ ᠬᠦᠯᠤᠭ᠍ᠰᠠᠨ ᠢᠰᠡᠬᠡᠢ ᠬᠠᠮ ᠳᠤ ᠴᠤᠭ ᠰᠠᠭᠤᠵᠤ ᠶᠠᠪᠤᠭᠰᠠᠨ ᠠᠴᠠ ᠡᠬᠢᠯᠡᠵᠤ᠂ ᠤᠷᠤᠨ ᠤ ᠶᠡᠭᠡ ᠰᠣᠷᠭᠠᠭᠤᠯᠢ ᠶᠢᠨ ᠮᠠᠯ ᠠᠵᠤ ᠠᠬᠤᠢ ᠶᠢᠨ ᠬᠠᠮᠢᠶᠠᠳᠠᠢ ᠭᠤᠤᠯ ᠰᠠᠯᠪᠤᠷᠢ ᠠᠴᠠ ᠴᠤᠭ ᠲᠡᠬᠦᠰᠴᠤ᠂ ᠨᠤᠳᠤᠭ ᠲᠠᠭᠠᠨ ᠪᠤᠴᠠᠨ ᠠᠶᠢᠯ ᠭᠡᠷ ᠪᠤᠯᠵᠤ ᠲᠤᠭᠤᠨᠤ ᠪᠠᠨ ᠲᠤᠯᠵᠤ᠂ ᠰᠢᠨ᠎ᠡ ᠬᠦᠳᠡᠭᠡ ᠳᠡᠭᠡᠨ ᠰᠢᠨ᠎ᠡ ᠮᠠᠯᠴᠢᠨ ᠤ ᠬᠤᠪᠢ ᠪᠠᠷ ᠤᠶᠢᠯᠡᠰ ᠤᠨ ᠭᠡᠭᠡᠨ ᠬᠠᠷᠭᠤᠢ ᠪᠠᠨ ᠵᠤᠯᠪᠤᠭ᠎ᠠ ᠲᠠᠢ ᠡᠯᠭᠦᠵᠤ ᠶᠠᠪᠤᠭ᠎ᠠ ᠵᠠᠯᠠᠭᠤᠰ ᠶᠤᠮ᠃       ᠤᠷᠤᠢ ᠲᠡᠭᠡᠷ᠎ᠡ ᠠᠴᠠ ᠬᠠᠷᠠᠬᠤ ᠳᠤ ᠰᠣᠶᠤᠯᠭᠡᠷᠡᠯ ᠤᠨ ᠬᠤᠨᠢᠳ ᠶᠠᠭ ᠯᠠ ᠰᠠᠷᠠ ᠲᠠᠢ ᠰᠦᠨᠢ ᠶᠢᠨ ᠤᠳᠤᠳ ᠰᠢᠭ᠋᠂ ᠴᠠᠰᠣᠳᠣ ᠠᠯᠭᠠᠢ ᠳᠤ ᠬᠦᠳᠡᠯᠤᠯ ᠦᠭᠡᠢ ᠢᠷᠠᠶᠢᠨ ᠲᠤᠭᠳᠠᠵᠤ ᠪᠠᠶᠢᠭ᠎ᠠ ᠲᠤᠯᠠ ᠲᠡᠷᠡ ᠱᠤᠷᠤᠩ ᠤᠨ ᠤᠷᠤᠢ ᠠᠴᠠ ᠪᠠᠭᠤᠵᠤ᠂ ᠲᠡᠷᠭᠡᠨ ᠪᠦᠬᠦᠭ ᠳᠡᠭᠡᠨ ᠤᠷᠤᠨ ᠲᠤᠯᠠᠭᠠᠪᠴᠢ ᠪᠠᠨ ᠨᠡᠬᠡᠬᠡᠵᠤ ᠴᠠᠭᠠᠰᠣ ᠲᠡᠯᠭᠡᠨ ᠦᠵᠦᠭ ᠵᠢᠷᠢᠯᠵᠡᠬᠦᠯᠵᠤ ᠡᠬᠢᠯᠡᠯ᠎ᠡ᠃ ᠰᠣᠶᠣᠯᠭᠡᠷᠡᠯ ᠤᠷᠴᠢᠮ ᠤᠨ ᠬᠡᠳᠤᠨ ᠵᠢᠯ ᠤᠨ ᠮᠠᠯᠵᠢᠬᠤ ᠠᠵᠢᠯ ᠤᠨ ᠪᠤᠳᠠᠳᠠᠢ ᠶᠠᠪᠤᠴᠠ ᠶᠢᠨ ᠲᠤᠮᠳᠠ ᠰᠣᠷᠣᠭᠰᠠᠨ ᠮᠡᠳᠡᠯᠭᠡ ᠪᠠᠨ ᠤᠤᠯ ᠤᠨ ᠤᠯᠠᠮᠵᠢᠯᠠᠯᠳᠣ ᠮᠠᠯ ᠮᠠᠯᠵᠢᠬᠤ ᠠᠷᠭ᠎ᠠ ᠪᠠᠷᠢᠯ ᠳᠤ ᠦᠭᠡᠷᠡᠴᠢᠯᠡᠯᠳᠡ ᠬᠢᠬᠦ ᠳᠤ ᠴᠢᠭᠯᠡᠬᠦᠯᠵᠤ᠂ ᠲᠡᠭᠦᠨ ᠵᠶᠠᠨ ᠤᠶᠢᠯᠡᠳᠦᠯᠭᠡᠵᠢᠬᠦᠯᠬᠦ ᠶᠢᠨ ᠡᠭᠦᠳᠡᠨ ᠠᠴᠠ ᠬᠡᠷᠬᠢᠨ ᠰᠦᠷᠣᠭ᠌ ᠤᠨ ᠪᠦᠳᠣᠴᠡ ᠳᠡᠭᠡᠨ ᠲᠤᠬᠢᠷᠠᠭᠤᠯᠤᠯᠳᠠ ᠬᠢᠭᠰᠡᠨ ᠲᠤᠬᠠᠢ ᠪᠠᠨ ︽ᠨᠤᠳᠤᠭ ᠤᠨ ᠡᠬᠦᠯᠳᠡᠷ ᠤᠨ ᠬᠤᠨᠢ ᠶᠢ ᠡᠷᠯᠢᠰᠡᠵᠢᠬᠦᠯᠤᠭ᠍ᠰᠡᠨ ᠲᠤᠷᠰᠢᠯᠭ᠎ᠠ︾ ᠭᠡᠬᠦ ᠤᠷᠳᠣᠬᠠᠨ ᠦᠬᠦᠯᠡᠯ ᠢᠶᠠᠨ ᠮᠠᠯ ᠠᠵᠣ ᠠᠬᠤᠢ ᠶᠢᠨ ᠬᠠᠮᠢᠶᠠᠳᠠᠢ ᠰᠣᠨᠢᠨ ᠰᠡᠳᠬᠦᠯ ᠳᠤ ᠦᠭᠬᠦ ᠭᠡᠳ ᠶᠠᠭᠠᠷᠠᠵᠤ ᠪᠠᠶᠢᠭ᠎ᠠ ᠶᠤᠮ ᠪᠠᠶᠢᠨ᠎ᠠ᠃ ᠲᠡᠳᠡ ᠶᠠᠭᠤᠨ ᠤ ᠡᠮᠤᠨ᠎ᠡ ᠰᠦᠷᠤᠭ᠌ ᠤᠨ ᠪᠦᠳᠤᠴᠡ ᠳᠡᠭᠡᠨ ᠲᠤᠬᠢᠷᠠᠭᠤᠯᠤᠯᠳᠠ ᠬᠢᠬᠦ ᠳᠡᠭᠡᠨ᠂ ᠰᠢᠨᠵᠢᠯᠡᠬᠦ ᠤᠬᠠᠭᠠᠨᠴᠢ ᠵᠢᠮ᠎ᠡ ᠶᠤᠰᠣ ᠶᠢ ᠠᠳᠬᠤᠵᠤ᠂ ᠤᠷᠤᠨ ᠭᠠᠵᠠᠷ ᠤᠨ ᠤᠰᠣ ᠪᠡᠯᠴᠢᠭᠡᠷ᠂ ᠪᠠᠶᠢᠭᠠᠯᠢ ᠠᠬᠤᠢ᠂ ᠠᠮᠢᠳᠤᠷᠠᠬᠤᠢ ᠶᠢᠨ ᠵᠢᠮ᠎ᠡ᠂ ᠦᠷᠡᠵᠢᠯ ᠲᠦᠯᠵᠢᠯ ᠁ ᠳᠤ ᠵᠤᠬᠢᠴᠠᠭᠤᠯᠬᠤ ᠶᠢ ᠠᠩᠬᠠᠷᠤᠭᠰᠠᠨ ᠪᠠᠶᠢᠯ᠎ᠠ᠃       ᠰᠦᠷᠵᠢᠪᠬᠤᠯᠠᠩ᠂ ᠰᠣᠶᠣᠯᠭᠡᠷᠡᠯ ᠬᠤᠷᠢᠮᠯᠠᠭᠰᠠᠨ ᠵᠢᠯ ᠤᠨ ᠢᠶᠠᠨ ᠨᠠᠮᠤᠷ ᠠᠴᠠ ᠡᠬᠢᠯᠡᠵᠤ᠂ ᠪᠦᠳᠣᠬᠦᠨ ᠰᠡᠬᠦᠯᠳᠣ ᠨᠤᠳᠤᠭ ᠤᠨ ᠬᠤᠨᠢᠳ ᠲᠠᠭᠠᠨ ᠤᠬᠤᠷ ᠰᠡᠬᠦᠯᠳᠣ ᠦᠯᠴᠢᠷ ᠬᠤᠨᠢᠨ ᠤ ᠬᠤᠴᠠ ᠲᠠᠯᠪᠢᠵᠤ᠂ ᠴᠢᠰᠣ ᠰᠣᠯᠢᠭᠤᠯᠵᠣ᠂ ᠳᠠᠬᠢᠨ ᠪᠠᠩ ᠳ᠋ᠧ ᠡᠬᠦᠯᠲᠡᠷ ᠤᠨ ᠬᠤᠴᠠ ᠲᠠᠯᠪᠢᠨ ᠮᠢᠬ᠎ᠠ ᠨᠤᠤᠰᠣ ᠶᠢ ᠨᠢ ᠵᠡᠷᠭᠡ ᠳᠤᠨᠢ ᠲᠡᠭᠡᠭᠰᠢᠯᠡᠬᠦᠯᠵᠤ᠂ ᠤᠷᠴᠢᠮ ᠤᠨ ᠵᠢᠯ ᠠᠴᠠ ᠴᠤᠯ ᠮᠢᠬᠠᠨ ᠤ ᠳ᠋ᠦ᠋ ᠪᠦᠸᠧ ᠤᠳᠤᠮ ᠢᠶᠠᠷ ᠪᠦᠬᠦ ᠰᠦᠷᠣᠭ᠌ ᠢᠶᠠᠨ ᠡᠷᠯᠢᠰᠡᠵᠢᠬᠦᠯᠤᠭ᠍ᠰᠡᠨ ᠠᠴᠠ ᠦᠯᠴᠢᠷ ᠬᠤᠨᠢ ᠶᠢᠨ ᠳᠠᠪᠠᠭᠤᠯᠢᠭ ᠲᠠᠯ᠎ᠠ ᠪᠤᠯᠬᠤ᠂ ᠤᠯᠠᠨ ᠢᠬᠡᠷᠡᠯᠡᠬᠦ᠂ ᠢᠳᠡᠰᠢ ᠤᠤᠭᠤᠰᠢ ᠭᠤᠯᠤᠬᠤ ᠦᠭᠡᠢ ᠪᠤᠷᠤᠭ ᠢᠳᠡᠰᠢ ᠲᠠᠢ ᠬᠤᠨᠢᠳ ᠪᠤᠯᠵᠤ᠂ ᠪᠠᠩ ᠳ᠋ᠧ ᠤᠳᠤᠮ ᠤᠨ ᠮᠢᠬ᠎ᠠ ᠨᠤᠤᠰᠣ ᠵᠡᠷᠭᠡᠴᠡᠭᠰᠡᠨ ᠤ ᠲᠡᠭᠡᠷ᠎ᠡ ᠳ᠋ᠦ᠋ ᠪᠦᠸᠧ ᠬᠤᠨᠢᠨ ᠤ ᠪᠡᠶ᠎ᠡ ᠪᠢᠯᠳᠡᠷ ᠲᠤᠮᠣ᠂ ᠮᠢᠬᠠᠨ ᠤ ᠭᠠᠷᠤᠯᠳᠠ ᠶᠡᠭᠡ ᠵᠡᠷᠭᠡ ᠰᠠᠶᠢᠨ ᠲᠠᠢ ᠲᠠᠯ᠎ᠠ ᠶᠢ ᠰᠢᠩᠭᠡᠭᠡᠭᠰᠡᠨ ᠠᠴᠠ ᠤᠤᠯ ᠤᠨ ᠪᠦᠳᠤᠬᠦᠨ ᠰᠡᠬᠦᠯᠳᠣ ᠨᠤᠳᠤᠭ ᠤᠨ ᠬᠤᠨᠢᠳ ᠨᠢ ᠭᠠᠩ ᠭᠠᠴᠢᠭ ᠲᠤ ᠲᠡᠰᠪᠤᠷᠢ ᠲᠠᠢ᠂ ᠪᠠᠶᠢᠭᠠᠯᠢ ᠤᠷᠴᠢᠨ ᠳᠤ ᠳᠠᠰᠣᠮᠳᠠᠭᠠᠢ᠂ ᠡᠪᠡᠰᠣ ᠪᠤᠷᠳᠤᠭ᠎ᠠ ᠭᠤᠯᠤᠬᠤ ᠦᠭᠡᠢ᠂ ᠦᠭᠡᠬᠦ ᠨᠢ ᠪᠠᠭ᠎ᠠ᠂ ᠬᠠᠷ᠎ᠠ ᠮᠢᠬ᠎ᠠ ᠨᠢ ᠶᠡᠭᠡ᠂ ᠰᠦ ᠪᠠᠭᠤᠬᠤ ᠨᠢ ᠰᠠᠶᠢᠨ᠂ ᠠᠷᠠᠰᠣ ᠤᠩᠭᠠᠰᠣ ᠨᠢ ᠦᠪᠡᠷ ᠤᠨ ᠤᠨᠴᠠᠯᠢᠭ ᠲᠠᠢ ᠴᠣ ᠰᠢᠨ᠎ᠡ ᠡᠬᠦᠯᠳᠡᠷ ᠤᠨ ᠬᠤᠨᠢᠳ ᠪᠤᠯᠤᠭᠰᠠᠨ ᠪᠠᠶᠢᠯ᠎ᠠ᠃ ᠲᠡᠨᠢᠢᠳᠡᠯ᠎ᠡ ᠬᠡᠭᠡᠯ ᠭᠠᠷᠤᠭᠰᠠᠨ ᠬᠤᠨᠢᠳ ᠬᠤᠳᠠᠨ ᠵᠦᠭ ᠢᠶᠠᠨ ᠠᠯᠭᠤᠷ ᠡᠷᠬᠢᠬᠦ ᠳᠤ ᠰᠣᠶᠣᠯᠭᠡᠷᠡᠯ ᠴᠤ ᠦᠬᠦᠯᠡᠯ ᠢᠶᠠᠨ ᠪᠢᠴᠢᠵᠤ ᠲᠡᠬᠦᠰᠭᠡᠭᠡᠳ ᠪᠢᠷ ᠢᠶᠠᠨ ᠬᠤᠩᠬᠤᠶᠢᠯᠳᠠᠯ᠎ᠠ ᠭᠠᠷ ᠤᠳᠠᠰᠣ ᠨᠢ ᠬᠠᠩᠬᠢᠨᠠᠪᠠ᠃       ︽ᠬᠤᠷᠳᠤᠨ ᠮᠤᠷᠢᠨ ᠤ ᠤᠷᠤᠯᠳᠤᠭᠠᠨ ᠳᠤ ᠮᠠᠨ ᠤ ᠰᠠᠷᠡᠳᠣ ᠬᠠᠷ᠎ᠠ ᠲᠡᠷᠢᠬᠦᠯᠵᠤ᠂ ᠪᠠᠷᠢᠯᠳᠤᠭᠠᠨ ᠳᠤ ᠪᠢ ᠲᠡᠳ᠋ᠯᠡᠵᠠᠢ᠃ ᠡᠨᠡ ᠨᠢ ᠴᠤ ᠪᠠᠭ᠎ᠠ ᠪᠠᠶᠠᠷ᠃ ᠠᠷᠠᠰᠣ ᠰᠢᠷᠢ ᠡᠳ᠋ᠰᠢᠬᠦᠯᠵᠤ ᠪᠤᠯᠪᠠᠰᠣᠷᠠᠭᠤᠯᠬᠤ ᠤᠶᠢᠯᠡᠳᠪᠤᠷᠢ ᠪᠠᠶᠢᠭᠤᠯᠬᠤ ᠶᠢ ᠲᠡᠭᠡᠳᠤ ᠱᠠᠳᠣᠨ ᠠᠴᠠ ᠲᠡᠮᠵᠢᠵᠤ᠂ ᠢᠷᠡᠬᠦ ᠵᠢᠯ ᠤᠨ ᠬᠠᠩᠰᠢᠨ ᠠᠴᠠ ᠰᠡᠬᠦᠯᠡᠷ ᠪᠠᠷᠢᠯᠭ᠎ᠠ ᠡᠬᠢᠯᠡᠬᠦ ᠪᠠᠷ ᠪᠤᠯᠵᠠᠢ᠃ ᠤᠯᠠᠭᠠᠨ ᠢᠳᠡᠭᠡᠨ ᠢ ᠪᠤᠯᠭᠤᠭᠰᠠᠨ ᠲᠦᠬᠦᠬᠡᠢ ᠪᠠᠷ ᠤᠯᠤᠰ ᠤᠨ ᠬᠡᠪᠴᠢᠶᠡᠨ ᠤ ᠵᠠᠬ᠎ᠠ ᠳᠤ ᠭᠠᠷᠭᠠᠬᠤ ᠭᠡᠰᠡᠨ ᠮᠠᠨ ᠤ ᠲᠦᠯᠤᠪᠯᠡᠭᠡ ᠮᠡᠳᠡᠬᠦᠯᠤᠯᠳᠡ ᠶᠢ ᠴᠤ ᠵᠦᠪᠰᠢᠶᠡᠷᠡᠮᠡᠷ ᠪᠠᠶᠢᠨ᠎ᠠ᠃ ᠡᠨᠡ ᠨᠢ ᠶᠡᠭᠡ ᠪᠠᠶᠠᠷ ᠡ︕︾ ᠭᠡᠵᠤ ᠰᠦᠷᠵᠢᠪᠬᠤᠯᠠᠩ ᠤᠨ ᠳᠠᠭᠤ ᠤᠳᠠᠰᠣᠨ ᠲᠤᠳᠤᠷ᠎ᠠ ᠬᠦᠩᠬᠢᠨᠡᠨ᠎ᠡ ᠁       ᠴᠠᠶᠢᠪᠠᠭᠠᠷ ᠭᠡᠭᠡ᠂ ᠴᠢᠮᠬᠢᠬᠦᠨ ᠠᠮᠢᠰᠬᠤᠯ ᠲᠠᠢ ᠡᠪᠤᠯ ᠤᠨ ᠤᠭᠳᠣᠷ ᠨᠠᠷᠠ ᠳᠠᠭᠠᠷᠠᠭᠰᠠᠨ ᠶᠤᠮ ᠰᠢᠭ᠋ ᠶᠠᠭᠠᠷᠠᠤᠬᠠᠨ ᠪᠦᠮᠪᠦᠷᠢᠭᠰᠡᠭᠡᠷ ᠲᠡᠭᠷᠢ ᠶᠢᠨ ᠪᠠᠷᠠᠭᠤᠨ ᠬᠢᠵᠠᠭᠠᠷ ᠲᠤ ᠵᠢᠷᠭᠠᠪᠠ᠃ ᠸᠠᠭᠠᠷ ᠲᠤᠭᠤᠰᠬ᠎ᠠ ᠶᠢᠨ ᠪᠦᠳᠤᠴᠡ ᠲᠠᠢ ᠰᠢᠯᠤᠨ ᠲᠡᠭᠡᠪᠤᠷ ᠪᠦᠬᠦᠢ ᠦᠷᠬᠦᠯᠵᠢᠯᠡᠭᠰᠡᠨ ᠲᠤᠯᠠᠭᠠᠨ ᠰᠠᠷᠠᠪᠴᠢ ᠠᠴᠠ ᠪᠠᠷᠠᠭᠤᠨᠰᠢ ᠵᠠᠯᠭᠠᠭᠰᠠᠨ᠂ ᠬᠠᠷᠢ ᠮᠠᠶ᠋ᠢᠭ ᠤᠨ ᠵᠤᠰᠠᠯᠠᠩ ᠬᠡᠯᠪᠡᠷᠢ ᠶᠢᠨ ᠲᠤᠮᠤᠬᠠᠨ ᠴᠠᠭᠠᠨ ᠪᠠᠶᠢᠰᠢᠩ ᠠᠴᠠ ᠴᠠᠬᠢᠯᠭᠠᠨ ᠳ᠋ᠧᠩ ᠤᠨ ᠭᠡᠷᠡᠯ ᠲᠤᠸᠠᠯᠠᠵᠤ᠂ ᠲᠤᠯᠠᠭᠠᠪᠴᠢ ᠠᠴᠠ ᠨᠦᠭᠡᠯᠡᠭᠰᠡᠨ ᠬᠠᠯᠠᠭᠤᠨ ᠢᠯᠴᠢᠨ ᠳᠤ ᠰᠦᠷᠵᠢᠪᠬᠤᠯᠠᠩ᠂ ᠰᠣᠶᠣᠯᠭᠡᠷᠡᠯ ᠤᠨ ᠴᠢᠷᠠᠢ ᠡᠳᠤᠷ ᠤᠨ ᠢᠶᠠᠨ ᠠᠴᠠ ᠪᠠᠨ ᠨᠡᠩ ᠤᠯᠠᠭ᠎ᠠ ᠪᠤᠳᠠᠷᠡᠵᠦ ᠬᠠᠷᠠᠭᠳᠠᠨ᠎ᠠ᠃ ᠬᠤᠶᠠᠷ ᠵᠠᠯᠠᠭᠤ ᠶᠢᠨ ᠰᠡᠳᠬᠢᠯ ᠤᠨ ᠢᠯᠴᠢ ᠡᠨᠡ ᠪᠦᠬᠦᠨ ᠠᠴᠠ ᠳᠠᠪᠠᠵᠤ᠂ ᠬᠤᠨᠢᠨ ᠤ ᠬᠠᠩᠰᠢ ᠬᠡᠯᠡᠬᠦ ᠠᠴᠠ ᠴᠠᠭᠠᠰᠢ ᠤᠨᠠᠵᠤ᠂ ᠠᠷᠠᠰᠣ ᠨᠤᠤᠰᠣ ᠠᠪᠬᠤ ᠬᠦᠮᠤᠨ ᠦᠭᠡᠢ ᠪᠤᠯᠤᠭᠰᠠᠨ ᠠᠷᠭᠠᠴᠠᠭ᠎ᠠ ᠦᠭᠡᠢ ᠪᠠᠶᠢᠳᠠᠯ ᠳᠤ ᠬᠤᠪᠢᠷᠠᠯᠳᠠ ᠭᠠᠷᠭᠠᠬᠤ ᠪᠠᠷ ᠰᠣᠶᠤᠯ ᠤᠨ ᠲᠦᠪᠰᠢᠨ᠂ ᠰᠣᠷᠤᠭᠰᠠᠨ ᠮᠡᠳᠡᠯᠭᠡ ᠪᠠᠨ ᠵᠠᠷᠤᠬᠤ ᠪᠠᠷ ᠶᠠᠭᠠᠷᠠᠨ᠎ᠠ᠃        ᠰᠢᠨ᠎ᠠ ᠦᠷᠯᠦᠬᠡ ᠡᠬᠢᠯᠡᠵᠦ᠂ ᠵᠠᠯᠠᠭᠤ ᠬᠠᠯᠠᠭᠤᠨ ᠨᠠᠰᠣᠨ ᠤ ᠰᠡᠳᠬᠢᠯ ᠤᠨ ᠢᠯᠴᠢᠨ ᠳᠤ ᠤᠶᠠᠰᠣᠨ ᠬᠠᠶᠢᠯᠪᠠ ᠤᠤ ᠭᠡᠮᠡᠷ ᠲᠤᠮᠤᠬᠠᠨ ᠭᠡᠬᠡᠬᠡᠪᠴᠢ ᠶᠢᠨ ᠵᠤᠵᠠᠭᠠᠨ ᠴᠠᠩ ᠴᠤ ᠮᠡᠯᠳᠡᠯᠵᠡᠨ᠂ ᠭᠡᠷ ᠪᠤᠯᠤᠨ ᠬᠤᠨᠢᠨ ᠤ ᠰᠠᠷᠠᠪᠴᠢᠨ ᠤ ᠤᠷᠤᠢ ᠳᠤ ᠬᠤᠷᠠᠭᠰᠠᠨ ᠵᠤᠵᠠᠭᠠᠨ ᠴᠠᠰᠣ ᠴᠤ ᠲᠤᠤᠷ᠎ᠠ ᠠᠴᠠ ᠪᠠᠨ ᠤᠶᠠᠰᠣᠭᠰᠠᠨ ᠨᠢ ᠢᠯᠡᠷᠬᠡᠢ᠂ ᠴᠠᠶᠢᠯᠠᠰ ᠴᠠᠶᠢᠯᠠᠰ ᠬᠢᠨ ᠭᠤᠯᠭᠤᠨ ᠤᠨᠠᠵᠤ ᠡᠬᠢᠯᠡᠯ᠎ᠡ᠃ ᠮᠤᠩᠭᠤᠯ ᠨᠤᠳᠤᠭ ᠤᠨ ᠬᠠᠯᠠᠭᠤᠨ ᠬᠦᠷᠤᠰᠤᠨ ᠳᠤ ᠮᠥᠩᠬᠡ ᠶᠢᠨ ᠠᠮᠢᠯᠠᠯ ᠲᠠᠢ ᠴᠡᠩᠬᠡᠷ ᠢᠷᠭᠤᠢ ᠴᠤ ᠬᠠᠪᠤᠷ ᠤᠨ ᠤᠷᠢ ᠶᠢ ᠶᠠᠭᠠᠷᠠᠨ ᠬᠦᠯᠢᠶᠡᠭᠰᠡᠨ ᠲᠤᠯᠠᠭᠠᠨ ᠴᠠᠰᠤᠨ ᠤ ᠲᠤᠤᠷ᠎ᠠ ︽ᠬᠦᠯ︾ ᠢᠶᠠᠨ ᠵᠢᠬᠢᠵᠤ ᠡᠬᠢᠯᠡᠭᠰᠡᠨ ᠪᠠᠶᠢᠯᠤᠭ᠎ᠠ᠃                                                                        ᠨᠤ · ᠮᠦᠩᠬᠡᠳᠤᠭᠳᠠᠬᠤ
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ