ᠬᠠᠪᠤᠷ ᠤᠨ ᠰᠢᠪᠠᠭᠤ ᠰᠢᠭ᠋ ᠪᠦᠰᠡᠭᠦᠢ
ᠨᠡᠶᠢᠲᠡᠯᠡᠭᠰᠡᠨ ᠴᠠᠭ᠄
2024/3/27
       ᠨᠡᠭᠡᠭᠡᠯᠲᠡᠲᠡᠢ ᠴᠣᠩᠬᠤ ᠪᠠᠷ ᠰᠡᠪᠰᠢᠭᠰᠡᠨ ᠰᠡᠷᠮᠡᠭᠦᠨ ᠠᠭᠠᠷ᠂ ᠰᠦ ᠲᠠᠢ ᠴᠠᠢ᠂ ᠡᠶᠡᠪᠡᠷᠭᠦᠦ ᠨᠠᠷᠠᠨ ᠤ ᠵᠥᠭᠡᠯᠡᠨ ᠭᠡᠷᠡᠯ  ᠴᠠᠢ ᠶᠢᠨ ᠰᠢᠷᠡᠭᠡᠨ᠎ᠡ ᠲᠣᠭᠯᠠᠬᠤ᠂ ᠰᠢᠪᠠᠭᠤᠳ ᠥᠷᠯᠥᠭᠡ ᠡᠷᠲᠡ ᠠᠴᠠ ᠯᠡ ᠲᠡᠶᠢᠮᠤ ᠤᠷᠮ᠎ᠠ ᠲᠠᠢ  ᠳᠠᠭᠤᠯᠠᠬᠤ᠂ ᠬᠤᠷᠤᠭ᠎ᠠ ᠬᠠᠰᠢᠶᠠᠨ᠎ᠠ ᠨᠢᠯᠬ᠎ᠠ ᠲᠥᠯ ᠮᠠᠶᠢᠯᠠᠬᠤ ᠁ ᠪᠦᠭᠦ ᠵᠦᠢᠯ ᠰᠡᠳᠬᠢᠯ ᠭᠦᠭᠯᠡᠭᠡᠭᠦ ᠨᠢ ᠨᠦᠭᠦᠭᠡ ᠬᠠᠪᠤᠷ ᠴᠠᠭ ᠤᠨ ᠠᠶᠠᠰ ᠬᠥᠮᠥᠨ ᠬᠤᠷᠸ᠎ᠠ ᠶᠢ ᠪᠦᠪᠡᠶᠢᠯᠡᠵᠦ ᠠᠪᠤᠭᠰᠠᠨ ᠤ ᠬᠢ ᠠ᠋᠃       ᠬᠠᠵᠠᠭᠤ ᠪᠠᠷ ᠵᠥᠷᠢᠵᠦ ᠭᠠᠷᠬᠤ ᠦᠵᠡᠰᠬᠦᠯᠡᠩᠲᠦ ᠪᠦᠰᠡᠭᠦᠢ ᠶᠢ︽ᠠ᠋ ᠳ᠋ᠧ᠂ ᠬᠠᠪᠤᠷ ᠤᠨ ᠰᠢᠪᠠᠭᠤ ᠰᠢᠭ᠋ ᠪᠦᠰᠡᠭᠦᠢ︾ ᠭᠡᠵᠦ ᠳᠦᠷᠰᠦᠯᠡᠭᠰᠡᠨ ᠠᠯᠢ ᠡᠷᠲᠡ ᠶᠢᠨ ᠰᠠᠨᠠᠭᠠᠨ ᠳᠤ ᠦᠭᠡᠢ ᠰᠡᠳᠬᠢᠯ ᠳᠤ ᠪᠠᠭᠤᠭᠰᠠᠨ ᠡᠨᠡ ᠦᠭᠡ ᠶᠢ  ᠤᠳᠤ ᠨᠡᠬᠡᠨ ᠰᠠᠨᠠᠪᠠᠰᠤ ᠲᠡᠷᠡ ᠨᠢ ᠬᠠᠪᠤᠷ ᠴᠠᠭ ᠠᠴᠠ ᠪᠣᠯᠤᠭᠰᠠᠨ ᠠᠵᠢ᠃ ᠤᠷᠢᠨ ᠬᠠᠪᠤᠷ ᠬᠥᠮᠥᠨ ᠤ ᠰᠡᠳᠬᠢᠯ ᠢ ᠤᠶᠠᠰᠬᠠᠵᠤ ᠡᠮᠵᠡᠭ ᠲᠣᠷᠭᠠᠨ ᠮᠡᠳᠡᠷᠡᠮᠵᠢ ᠳᠦᠷᠦᠭᠦᠯᠳᠡᠭ ᠠᠴᠠ ᠬᠠᠷᠠᠭᠰᠠᠨ ᠪᠣᠯᠭᠠᠨ ᠬᠠᠪᠤᠷ ᠤᠨ ᠲᠡᠭᠷᠢ ᠮᠡᠲᠦ ᠭᠢᠯᠠᠯᠵᠠᠩᠬᠠᠨ ᠥᠩᠭᠡ ᠲᠠᠢ ᠥᠭᠡᠳᠡᠷᠬᠡᠭ ᠰᠠᠨᠠᠭᠳᠠᠳᠠᠭ᠃ ᠰᠢᠪᠠᠭᠤᠳ ᠭᠦᠷᠳᠡᠯ᠎ᠡ ᠬᠠᠪᠤᠷ ᠤᠨ ᠰᠠᠶᠢᠬᠠᠨ ᠳᠤ ᠰᠡᠳᠬᠢᠯ ᠠᠩᠬᠢᠯᠤᠭᠤᠨ ᠪᠤᠯᠳᠠᠭ ᠢ ︽ᠬᠠᠪᠤᠷ ᠤᠨ ᠴᠠᠭ ᠲᠠᠭᠠᠨ ᠰᠢᠪᠠᠭᠤᠳ ᠬᠠᠮᠤᠭ ᠤᠶᠠᠩᠭᠠᠲᠠᠢ ᠳᠠᠭᠤᠯᠠᠳᠠᠭ︾ ᠭᠡᠵᠦ ᠬᠡᠯᠡᠭᠰᠡᠨ᠃ ᠬᠠᠪᠤᠷ ᠤᠨ ᠭᠤᠷᠪᠠᠨ ᠰᠠᠷ᠎ᠠ ᠳᠠᠭᠠᠨ ᠪᠦᠰᠡᠭᠦᠢ ᠬᠥᠮᠥᠨ ᠬᠠᠮᠤᠭ ᠦᠵᠡᠰᠭᠦᠯᠠᠩ ᠲᠠᠢ ᠬᠠᠷᠠᠭᠳᠠᠳᠠᠭ ᠨᠢ ᠴᠦ ᠴᠠᠭᠠᠨ᠎ᠠ ᠪᠠᠨ ᠤᠴᠢᠷᠲᠠᠢ ᠠ᠋᠃       ︽ᠬᠠᠪᠤᠷ ᠤᠨ ᠬᠥᠬᠡ ᠵᠡᠷᠭᠡᠯᠭᠡ ᠰᠦᠮᠡᠯᠵᠡᠨ᠎ᠡ       ᠬᠠᠮᠢᠭ᠎ᠠ ᠬᠤᠯᠠ ᠶᠢᠨ ᠬᠠᠶᠢᠷᠠᠲᠠᠢ ᠬᠥᠮᠥᠨ ᠮᠢᠨᠢ ᠡᠷᠢᠭᠳᠡᠨ᠎ᠡ︾ ᠭᠡᠵᠦ ᠬᠠᠶᠢᠷ᠎ᠠ ᠳᠤᠷᠠᠯᠠᠯ ᠳᠤ ᠳᠡᠩᠳᠡᠭᠦᠦ ᠲᠤᠬᠳᠤᠯᠤᠮᠠᠳᠠᠭᠠᠢ  ᠶᠠᠪᠤᠭᠰᠠᠨ ᠦᠵᠡᠰᠬᠦᠯᠡᠩᠲᠦ ᠮᠠᠨᠢ ᠦᠰᠦ ᠪᠠᠨ ᠬᠠᠭᠠᠯᠵᠤ ᠡᠬᠡᠨᠡᠷ ᠨᠡᠷ᠎ᠡ ᠵᠡᠭᠦᠵᠦ ᠦᠯᠥ ᠲᠠᠨᠢᠬᠤ ᠠᠶᠢᠯ ᠤᠨ ᠡᠷᠦᠭᠡ ᠶᠢ ᠰᠡᠬᠦᠵᠦ᠂ ᠦᠨᠡᠰᠦ ᠶᠢ ᠨᠢ ᠠᠰᠬᠠᠵᠤ ᠭᠠᠯ ᠭᠤᠯᠣᠮᠲᠠ ᠶᠢ ᠨᠢ ᠪᠠᠳᠠᠷᠠᠭᠠᠬᠤ ᠠᠮᠢᠳᠤᠷᠠᠯ ᠴᠣᠭᠴᠠᠯᠠᠬᠤ ᠳᠠᠭᠠᠨ ᠳᠦᠷᠦᠭᠰᠡᠨ ᠭᠡᠷ᠂ ᠳᠣᠲᠣᠨᠣ ᠬᠥᠮᠥᠰ ᠠᠪᠤ ᠡᠵᠢ ᠠᠴᠠ ᠪᠠᠨ ᠠᠶᠠᠷᠯᠠᠨ ᠰᠠᠯᠬᠤ ᠳᠠᠭᠠᠨ ᠰᠡᠳᠬᠢᠯ ᠳᠡᠭᠡᠨ ᠬᠠᠪᠤᠷ ᠤᠨ ᠤᠯᠠᠷᠢᠯ ᠢ ᠡᠪᠦᠷᠯᠡᠭᠡᠳ ᠮᠣᠷᠳᠠᠳᠠᠭ ᠪᠠᠶᠢᠬ᠎ᠠ᠃ ᠬᠠᠪᠤᠷ ᠤᠨ ᠰᠢᠪᠠᠭᠤ ᠰᠢᠭ᠋ ᠢᠶᠠᠨ ᠬᠠᠮᠤᠭ ᠤᠨ ᠤᠶᠠᠩᠭᠠᠯᠢᠭ ᠳᠠᠭᠤᠯᠠᠳᠠᠭ ᠪᠠᠶᠢᠬ᠎ᠠ ᠠ᠋᠃       ᠪᠤᠰᠤᠳ ᠤᠨ ᠡᠭᠦᠳᠡᠨ ᠳᠤ ᠨᠠᠰᠤ ᠶᠢ ᠡᠯᠡᠭᠡᠬᠦ ᠲᠠᠪᠢᠯᠠᠩ ᠵᠠᠶᠠᠭ᠎ᠠ ᠶᠢ ᠨᠢᠭᠡ ᠪᠤᠳᠤᠬᠤ ᠳᠤ ᠬᠠᠴᠢᠨ ᠣᠶᠢᠯᠠᠭᠠᠭᠳᠠᠰᠢ ᠦᠭᠡᠢ ᠪᠠᠰᠠ ᠬᠦᠯᠢᠶᠡᠵᠦ ᠠᠪᠬᠤ ᠶᠢᠨ ᠠᠷᠭ᠎ᠠ ᠦᠭᠡᠢ ᠮᠡᠲᠦ ᠠ᠋᠃ ︽ᠪᠦᠰᠡᠭᠦᠢ ᠬᠥᠮᠥᠨ ᠤ ᠵᠠᠶᠠᠭ᠎ᠠ︾ ᠭᠡᠳᠡᠭ ᠨᠢ ᠲᠡᠷᠡ᠃       ᠡᠵᠢ ᠶᠢᠨ ᠢᠶᠠᠨ ᠳᠡᠷᠭᠡᠳᠡ ᠠᠴᠠ ᠤᠬᠢᠯᠠᠵᠤ ᠮᠣᠷᠳᠠᠭᠰᠠᠨ ᠡᠭᠡᠴᠢᠮᠡᠳ ᠬᠥᠮᠥᠨ ᠳᠠᠷᠠᠭ᠎ᠠ ᠥᠷᠯᠥᠭᠡ ᠨᠢ ᠬᠠᠳᠠᠮ ᠤᠨ ᠭᠡᠷ ᠲᠤ ᠨᠢᠭᠤᠷ ᠳᠦᠭᠦᠷᠡᠩ ᠪᠦᠱᠦᠭᠦᠷᠭᠡᠭ ᠢᠨᠢᠶᠡᠮᠰᠦᠭᠯᠡᠯ ᠲᠠᠢ ᠴᠠᠢ ᠠᠶᠠᠭᠠᠯᠠᠵᠤ ᠵᠣᠭᠰᠣᠭᠰᠠᠨ ᠢ ᠬᠠᠷᠠᠭᠠᠳ ᠨᠢᠯᠪᠤᠰᠤ ᠨᠢ ᠦᠨᠡᠨ ᠤᠤ᠂ ᠢᠨᠢᠶᠡᠮᠰᠦᠭᠯᠡᠯ ᠨᠢ ᠦᠨᠡᠨ ᠤᠤ ᠭᠡᠵᠦ ᠭᠠᠶᠢᠬᠠᠵᠤ ᠭᠠᠷᠤᠭᠰᠠᠨ ᠬᠡᠦᠬᠡᠳ ᠪᠠᠶᠢᠭᠰᠠᠨ ᠠ᠋᠃ ᠤᠳᠤ ᠪᠤᠳᠤᠪᠠᠯ ᠨᠢᠯᠪᠤᠰᠤ ᠨᠢ ᠴᠦ ᠢᠨᠢᠶᠡᠮᠰᠦᠭᠯᠡᠯ ᠨᠢ ᠴᠦ ᠪᠦᠷ ᠦᠨᠡᠨ ᠠ᠋᠃       ᠪᠦᠰᠡᠭᠦᠢ ᠬᠥᠮᠥᠨ ᠭᠡᠵᠦ ᠡᠶᠢᠮᠦ ᠯᠡ ᠶᠤᠮ ᠳ᠋ᠠ᠃       ᠬᠠᠨᠢ ᠶᠢᠨ ᠵᠠᠶᠠᠭ᠎ᠠ ᠲᠦᠰᠢᠵᠦ᠂ ᠦᠷ᠎ᠡ ᠶᠢᠨ ᠵᠤᠯᠠᠢ ᠦᠨᠦᠷᠯᠡᠵᠦ ᠪᠦᠰᠡᠭᠦᠢ ᠥᠪᠡᠷ ᠢ ᠪᠠᠨ ᠬᠡᠨ ᠭᠡᠳᠡᠭ ᠢᠶᠠᠨ ᠤᠪᠠᠶᠢᠯᠠᠬᠤ ᠰᠡᠭᠡᠭᠡ ᠦᠭᠡᠢ ᠥᠪᠡᠷ ᠢ ᠪᠠᠨ ᠪᠦᠷ ᠮᠠᠷᠲᠠᠴᠢᠬᠠᠵᠤ ᠡᠳᠦᠷ ᠬᠤᠨᠤᠭ ᠤᠳ ᠢ ᠲᠤᠭᠤᠯᠤᠨ᠎ᠠ᠃ ᠦᠰᠦ ᠲᠣᠯᠣᠭᠠᠢ ᠪᠠᠨ ᠬᠠᠶᠢᠩᠭᠤᠬᠠᠨ ᠣᠷᠢᠶᠠᠵᠤ ᠡᠮᠦᠰᠬᠡᠯ ᠵᠡᠭᠦᠭᠡᠯ  ᠵᠣᠬᠢᠴᠠ ᠠᠯᠳᠠᠵᠤ  ᠰᠢᠪᠠᠭᠤᠳ ᠤᠨ ᠵᠢᠷᠭᠢᠬᠦ ᠰᠠᠯᠬᠢ ᠯᠢᠮᠪᠦᠳᠡᠵᠦ ᠪᠤᠢ ᠶᠢ ᠠᠵᠢᠶᠠᠷᠠᠯ ᠦᠭᠡᠢ᠂ ︽ᠬᠠᠪᠤᠷ ᠤᠨ  ᠬᠥᠬᠡ ᠵᠡᠷᠭᠡᠯᠭᠡ ᠰᠦᠮᠡᠯᠵᠡᠨ᠎ᠡ᠂ ᠬᠠᠮᠢᠭ᠎ᠠ ᠬᠤᠯᠠ ᠶᠢᠨ ᠬᠠᠶᠢᠷᠠᠲᠠᠢ ᠬᠥᠮᠥᠨ ᠮᠠᠨᠢ ᠡᠷᠢᠭᠳᠡᠨ᠎ᠡ︾ ᠭᠡᠬᠦ ᠳᠠᠭᠤᠤ  ᠮᠠᠷᠲᠠᠭᠳᠠᠨ᠎ᠠ᠃ ᠬᠠᠵᠠᠭᠤ ᠳᠤ ᠰᠠᠭᠤᠭ᠎ᠠ ᠬᠠᠨᠢ ᠨᠢ᠂ ᠡᠪᠦᠷ ᠲᠤᠨᠢ ᠡᠷᠬᠡᠯᠡᠭᠡ ᠦᠷ᠎ᠡ ᠠᠴᠠ ᠨᠢ ᠥᠭᠡᠷ᠎ᠡ ᠶᠠᠭᠤ ᠬᠠᠶᠢᠷᠠᠯᠠᠯᠲᠠᠢ ᠪᠠᠶᠢᠳᠠᠭ ᠲᠤᠬᠠᠢ ᠪᠤᠳᠤᠬᠤ ᠨᠢ ᠪᠦᠷ ᠠᠴᠠ ᠢᠯᠡᠭᠦᠴᠡ ᠪᠣᠯᠤᠭᠰᠠᠨ ᠴᠦ ᠮᠠᠭᠠᠳ᠃       ᠬᠠᠨᠢ ᠢᠵᠢᠯᠢ ᠨᠢ ᠭᠡᠵᠦ ᠶᠠᠮᠠᠷᠬᠠᠨ ᠬᠥᠮᠥᠨ ᠳᠠᠭᠠᠷᠠᠳᠠᠭ ᠨᠢ ᠬᠥᠮᠥᠨ ᠤ ᠬᠤᠪᠢ ᠵᠠᠶᠠᠭᠠᠨ ᠤ ᠮᠡᠷᠭᠡ ᠲᠥᠯᠭᠡ ᠶᠢᠨ ᠠᠯᠳᠠᠨ ᠱᠣ ᠮᠡᠲᠦ ᠪᠠᠶᠢᠵᠤ ᠨᠡᠩ ᠴᠦ ᠪᠦᠰᠡᠭᠦᠢ ᠬᠥᠮᠥᠨ ᠳᠤ ᠢᠯᠡᠭᠦᠦ ᠬᠦᠨᠳᠦᠴᠡ ᠲᠠᠢ  ᠲᠤᠰᠳᠠᠭ᠃       ᠮᠥᠷᠥᠭᠡᠳᠴᠦ ᠶᠠᠪᠤᠭᠰᠠᠨ ᠨᠢᠳᠦ ᠲᠠᠢ ᠪᠠᠨ ᠤᠴᠠᠷᠠᠭᠰᠠᠨ ᠪᠣᠯ ᠪᠦᠷ ᠴᠦ ᠰᠠᠶᠢᠬᠠᠨ᠃ ᠬᠠᠶᠢᠷ᠎ᠠ ᠦᠭᠡᠢ ᠬᠥᠮᠥᠨ ᠤ ᠳᠡᠷᠭᠡᠳᠡ ᠨᠠᠰᠤ ᠶᠢ ᠡᠯᠡᠭᠡᠳᠡᠭ ᠬᠠᠲᠠᠭᠤ ᠠᠮᠢᠳᠤᠷᠠᠯ ᠳᠤ ᠦᠷᠡᠭᠳᠡᠳᠡᠭ ᠨᠢ ᠴᠦ ᠮᠤᠩ ᠦᠭᠡᠢ ᠠ᠋᠃ ᠨᠣᠶᠢᠷ ᠬᠤᠯᠵᠢᠭᠠᠬᠰᠠᠨ ᠦᠳᠡᠰᠢ ᠨᠦᠭᠦᠳ᠂ ᠳᠡᠷ᠎ᠡ ᠳᠡᠪᠲᠦᠭᠡᠭᠰᠡᠨ ᠭᠠᠰᠢᠭᠤᠨ ᠨᠢᠯᠪᠤᠰᠤᠨ ᠳᠠᠭᠠᠨ  ᠪᠠᠶᠠᠷ ᠪᠠᠶᠠᠰᠤᠯ ᠤᠨ ᠡᠷᠬᠡ ᠪᠠᠨ ᠪᠤᠯᠢᠶᠠᠭᠳᠠᠵᠤ ᠬᠠᠷᠠᠬᠤ ᠳᠤ ᠨᠢᠭᠡ ᠯᠡ ᠥᠩᠭᠡ ᠭᠤᠨᠳᠠᠭᠤ  ᠪᠦᠰᠡᠭᠦᠢ ᠶᠢᠨ ᠬᠤᠪᠢ ᠵᠠᠶᠠᠭ᠎ᠠ ᠨᠢ ᠤᠷᠤᠭᠤ ᠪᠠᠨ ᠬᠠᠵᠠᠶᠢᠭᠰᠠᠨ ᠢ ᠶᠠᠭᠠᠬᠢᠨᠠᠮ ᠳ᠋ᠠ᠃ ᠦᠵᠡᠰᠭᠦᠯᠠᠩ ᠲᠠᠢ ᠨᠢᠭᠡ ᠨᠢ ᠪᠠᠶᠢᠭᠰᠠᠨ ᠶᠤᠮ᠂ ᠠᠮᠢᠳᠤᠷᠠᠯ ᠳᠤ ᠬᠠᠷᠢᠨ ᠡᠯᠡᠭᠳᠡᠯ᠎ᠡ ᠳ᠋ᠠ ᠭᠡᠳ ᠰᠠᠶᠢᠬᠠᠨ ᠬᠥᠮᠥᠨ ᠶᠠᠪᠤᠭᠰᠠᠨ ᠨᠢ ᠳᠠᠭᠤᠤ ᠪᠣᠯᠣᠨ ᠦᠯᠡᠳᠡᠭᠰᠡᠨ᠂ ᠲᠡᠷᠡ ᠳᠠᠭᠤᠤ ᠶᠢ ᠨᠢ ᠳᠠᠭᠤᠯᠠᠵᠤ ᠰᠠᠭᠤᠭᠰᠠᠨ ᠬᠥᠮᠥᠨ ᠤᠭᠢᠯᠠᠴᠢᠬᠠᠬᠰᠠᠨ  ᠪᠠᠶᠢᠳᠠᠭ ᠬᠤᠷᠸ᠎ᠠ ᠠ᠋᠃       ᠰᠠᠷᠠ ᠬᠦᠷᠢᠶᠡᠯᠡᠭᠰᠡᠨ ᠮᠡᠲᠦ ᠰᠠᠨᠠᠭ᠎ᠠ ᠵᠢᠭᠡᠭᠦᠰᠮᠡᠷ ᠰᠥᠨᠢ᠂ ᠭᠤᠷᠪᠠᠨ ᠨᠠᠷᠠ ᠰᠦᠮᠡᠶᠢᠵᠦ ᠮᠠᠨᠳᠤᠭᠰᠠᠨ ᠮᠡᠲᠦ ᠡᠳᠦᠷ ᠮᠠᠭᠤᠬᠠᠶᠢᠷᠠᠬᠤ ᠶᠢᠨ ᠵᠦᠡᠭ ᠰᠤᠪᠢᠩ ᠠᠮᠢᠳᠤᠷᠠᠯ ᠤᠨ ᠬᠢᠨᠢ ᠨᠢᠭᠡ ᠠᠶᠢᠵᠠᠮ ᠭᠦᠭ ᠨᠢ ᠪᠣᠯᠴᠢᠬᠠᠭᠰᠠᠨ᠃ ᠠᠢ ᠭᠦ᠋᠂ ᠢᠯᠳᠠᠮ ᠬᠠᠷᠠᠴᠠ ᠪᠠᠨ ᠬᠠᠮᠢᠭ᠎ᠠ ᠪᠠᠨ ᠶᠠᠪᠤᠵᠤ ᠤᠷᠭᠢᠪᠠ︖ ᠢᠷᠠᠭᠤᠬᠠᠨ ᠬᠤᠭᠤᠯᠠᠢ ᠪᠠᠨ ᠬᠠᠮᠢᠭ᠎ᠠ ᠪᠠᠨ ᠴᠦ ᠶᠠᠪᠤᠵᠤ ᠭᠡᠭᠡᠪᠡ ᠠ᠋︖ ᠬᠠᠷᠠᠴᠠ ᠨᠢ ᠮᠡᠨᠡᠭᠷᠡᠭᠰᠡᠨ ᠳᠠᠭᠤ ᠱᠤᠤ ᠪᠠᠨ ᠬᠤᠷᠢᠶᠠᠴᠢᠬᠠᠭᠰᠠᠨ᠂  ᠡᠰᠡᠬᠦᠯ᠎ᠡ  ᠪᠦᠷ ᠴᠦ ᠠᠭᠤᠷ ᠨᠢ ᠭᠠᠯ ᠮᠡᠲᠦ ᠳᠦᠷᠡᠯᠵᠡᠭᠰᠡᠨ ᠤᠷᠤᠭᠤᠯ ᠠᠮᠠ ᠨᠢ ᠭᠢᠳᠤᠭ᠎ᠠ ᠮᠡᠲᠦ ᠢᠷᠯᠡᠭᠰᠡᠨ ᠪᠦᠰᠡᠭᠦᠢ ᠬᠥᠮᠥᠨ ᠁ ᠶᠠᠭᠠᠬᠢᠬᠤᠯᠠᠷ ᠢᠶᠠᠨ ᠢᠩᠭᠢᠳᠡᠭ ᠶᠤᠮ︖ ᠲᠠᠶᠢᠪᠤᠩ ᠪᠠᠶᠢᠬᠤ ᠳᠤ ᠪᠤᠯᠬᠤ ᠦᠭᠡᠢ ᠭᠡᠵᠢ ᠤᠤ︖ ᠲᠡᠷᠡ ᠭᠠᠯ ᠮᠡᠲᠦ ᠨᠣᠴᠣᠭᠰᠠᠨ ᠠᠭᠤᠷ ᠬᠢᠯᠢᠩ᠂ ᠭᠢᠳᠤᠭ᠎ᠠ ᠮᠡᠲᠦ ᠢᠷᠯᠡᠭᠳᠡᠭᠰᠡᠨ ᠭᠡᠯᠡ ᠠᠮᠠ ᠭᠡᠭᠴᠢ ᠬᠠᠮᠢᠭ᠎ᠠ ᠠᠴᠠ ᠢᠷᠡᠭᠰᠡᠨ ᠪᠣᠯᠪᠠ︖ ᠥᠩᠭᠡᠷᠡᠭᠦᠯᠦᠭᠰᠡᠨ ᠠᠮᠢᠳᠤᠷᠠᠯ ᠤᠨ ᠬᠢᠨᠢ ︽ᠥᠪ ᠬᠥᠷᠥᠩᠭᠡ︾ ᠭᠡᠮᠡᠷ ᠬᠤᠷᠠᠮᠳᠤᠭᠤᠯᠤᠯ ᠨᠢ ᠶᠠᠭ ᠨᠢᠭᠡᠨ ᠴᠠᠭ ᠲᠤ ᠳᠡᠯᠪᠡᠷᠡᠭᠡ ᠪᠢᠰᠢᠦ᠃  ᠬᠥᠮᠥᠨ ᠬᠠᠷᠢᠨ ᠳᠡᠭᠡᠵᠤ ᠬᠠᠷᠠᠬᠤ ᠦᠭᠡᠢ᠃ ᠠᠭᠤᠷ ᠲᠠᠢ ᠪᠦᠰᠡᠭᠦᠢ ᠶᠢ ᠥᠷᠥᠰᠢᠶᠡᠨ ᠪᠤᠳᠤᠳᠠᠭ ᠦᠭᠡᠢ ᠠ᠋᠃       ︽ᠠᠮᠢᠳᠤᠷᠠᠯ ᠥᠪᠡᠷ ᠢ ᠨᠢ ᠡᠪᠳᠡᠵᠡᠢ︾ ᠭᠡᠵᠦ  ᠪᠤᠳᠤᠬᠤᠯᠠᠷ ᠰᠠᠯᠬᠢᠨ ᠳᠤ ᠪᠥᠬᠦᠯᠵᠡᠬᠦ ᠡᠪᠡᠰᠦ ᠮᠡᠲᠦ ᠪᠦᠰᠡᠭᠦᠢ ᠬᠥᠮᠥᠨ ᠬᠤᠪᠢ ᠵᠠᠶᠠᠭᠠᠨ ᠤ ᠪᠠᠨ ᠡᠷᠬᠡ ᠶᠢ ᠪᠤᠰᠤᠳ ᠤᠨ  ᠭᠠᠷ ᠲᠤ ᠪᠠᠵᠠᠭᠤᠯᠤᠭᠰᠠᠨ ᠤᠤ ᠭᠡᠵᠦ ᠠᠳᠡᠭᠦᠷᠡᠮᠡᠷ᠃ ︽ᠬᠠᠲᠠᠭᠤ ᠴᠦ ᠭᠡᠯ᠎ᠡ ᠬᠠᠳᠠ ᠴᠢᠯᠠᠭᠤ ᠠᠮᠢᠳᠤᠷᠠᠯ ᠢ ᠶᠠᠭᠠᠬᠢᠵᠤ ᠭᠦᠢᠴᠡᠬᠦ ᠪᠤᠢ︾ ᠭᠡᠵᠦ ᠳᠠᠭᠤᠯᠠᠳᠠᠭ ᠰᠢᠭ᠋ ᠬᠠᠳᠠ ᠴᠢᠯᠠᠭᠤ ᠠᠴᠠ ᠴᠦ ᠬᠠᠲᠠᠭᠤ ᠠᠮᠢᠳᠤᠷᠠᠯ ᠰᠢᠤ ᠳ᠋ᠠ᠃ᠠᠩᠬᠠᠨ ᠤ ᠠᠮᠠᠷᠠᠭ ᠲᠠᠢ ᠪᠠᠨ ᠬᠠᠯᠵᠠ ᠤᠴᠠᠷᠠᠭᠠᠳ ᠭᠡᠨᠡᠳᠲᠡ ᠯᠡ ᠲᠣᠷᠭ᠎ᠠ ᠮᠡᠲᠦ ᠵᠥᠭᠡᠯᠡᠨ ᠠᠪᠤᠷᠢ ᠲᠠᠢ ᠲᠤᠶᠠᠭ᠎ᠠ ᠮᠡᠲᠦ ᠭᠡᠭᠡᠨ ᠴᠢᠷᠠᠢ ᠲᠠᠢ ᠪᠣᠯᠴᠢᠬᠠᠭᠰᠠᠨ ᠪᠦᠰᠡᠭᠦᠢ ᠬᠥᠮᠥᠨ ᠢ ᠪᠢ ᠭᠠᠶᠢᠬᠠᠨ ᠬᠠᠷᠠᠭᠰᠠᠨ ᠤᠳᠠᠭ᠎ᠠ ᠪᠤᠢ᠃ ᠤᠰᠤ ᠰᠢᠭ᠋  ᠳᠥᠯᠭᠡᠬᠡᠨ ᠵᠠᠩ ᠲᠠᠢ ᠯᠡ ᠪᠠᠶᠢᠭᠰᠠᠨ ᠰᠠᠨ᠂ ᠤᠶᠢᠳᠬᠠᠷᠲᠤ ᠡᠨᠡ ᠣᠷᠴᠢᠯᠠᠩ ᠳᠠᠭᠠᠨ ᠲᠥᠭᠡᠷᠢᠭᠦᠯᠵᠦ ᠠᠯᠳᠠᠭᠰᠠᠨ ᠰᠠᠨ᠃       ᠭᠡᠲᠡᠯ᠎ᠡ ᠪᠠᠰᠠ ᠬᠠᠪᠤᠷ ᠴᠠᠭ ᠭᠡᠵᠦ ᠪᠤᠢ᠃       ᠨᠢᠭᠡ ᠯᠡ ᠥᠷᠯᠥᠭᠡ ᠪᠠᠷ ᠬᠠᠪᠤᠷ ᠢᠷᠡᠴᠢᠬᠡᠭᠰᠡᠨ ᠮᠡᠲᠦ᠃ ᠨᠡᠷ᠎ᠡ ᠶᠢ ᠨᠢ ᠮᠡᠳᠡᠬᠦ ᠦᠭᠡᠢ ᠠᠯᠳᠠᠨ ᠰᠢᠪᠠᠭᠤ ᠠᠮᠢᠳᠤᠷᠠᠯ ᠬᠠᠶᠢᠷ᠎ᠠ ᠶᠢ ᠳᠠᠭᠤᠯᠠᠬᠤ ᠨᠢ ᠴᠣᠩᠬᠤᠨ ᠭᠠᠳᠠᠨ᠎ᠠ ᠠᠴᠠ ᠳᠤᠭᠤᠯᠳᠠᠭᠠᠳ᠃  ᠬᠠᠷᠠᠴᠠ ᠪᠠᠨ ᠠᠯᠤᠰ ᠲᠡᠶᠢᠰᠢ ᠨᠡᠭᠦᠯᠭᠡᠪᠡᠯ  ᠬᠠᠯᠢᠶ᠎ᠠ ᠮᠡᠯᠲᠡᠯᠵᠡᠨ ᠬᠥᠬᠡ ᠤᠰᠤᠨ ᠠᠭᠤᠯᠠ ᠲᠠᠯ᠎ᠠ ᠶᠢ  ᠬᠥᠭᠵᠢᠮᠳᠡᠵᠦ ᠬᠠᠨᠠᠭᠠᠷ ᠠᠭᠤᠳᠠᠮ ᠭᠤᠪᠢ ᠬᠠᠩᠭᠠᠢ ᠪᠠᠷ ᠨᠣᠭᠤᠭᠠᠨ ᠰᠡᠩᠰᠡᠨ ᠤᠨᠢᠶᠠᠷ ᠲᠠᠲᠠᠵᠤ ᠁ ᠠᠢ ᠭᠦ᠋ ᠬᠠᠪᠤᠷ ᠢᠷᠡᠴᠢᠬᠡᠭᠰᠡᠨ ᠪᠠᠶᠢᠵᠠᠢ ᠰᠢᠤ ᠭᠡᠬᠦᠯᠡᠷ ᠬᠥᠯᠳᠡᠭᠰᠡᠨ ᠮᠡᠲᠦ ᠰᠡᠳᠬᠢᠯ ᠨᠢ ᠭᠡᠨᠡᠳᠲᠡ ᠰᠡᠮᠡᠷᠡᠨ ᠬᠠᠶᠢᠯᠵᠤ ᠢᠴᠡᠭᠡᠯᠡᠭᠰᠡᠨ ᠮᠡᠲᠦ  ᠨᠢᠭᠤᠭᠳᠠᠭᠰᠠᠨ ᠥᠷᠥᠴᠡᠨ ᠤ ᠡᠮᠵᠡᠭ ᠳᠣᠭᠳᠣᠯᠤᠯ ᠵᠢᠷᠦᠬᠡ ᠯᠤᠭᠰᠢᠭᠤᠯᠵᠤ ᠤᠷᠤᠭᠤ ᠳᠤᠷᠤᠢ ᠪᠠᠨ ᠲᠠᠨᠢᠭᠰᠠᠨ ᠭᠡᠮᠡᠷ ᠥᠨᠳᠡᠶᠢᠵᠦ ᠪᠣᠰᠳᠠᠭ ᠦᠶ᠎ᠡ ᠴᠦ ᠪᠤᠢ᠃       ᠠᠯᠠᠭ ᠦᠷ᠎ᠡ ᠨᠢ ᠲᠣᠮᠣ ᠪᠣᠯᠵᠠᠢ᠃ ᠠᠳᠬᠤᠨ ᠳᠤ ᠪᠠᠭᠲᠠᠯᠴᠠᠨ ᠪᠠᠶᠢᠭᠰᠠᠨ ᠨᠢᠯᠬ᠎ᠠ ᠠᠮᠢᠳᠠᠨ ᠠᠭᠤᠯᠠ ᠶᠢᠨ ᠴᠢᠨᠡᠭᠡ ᠡᠷ᠎ᠡ ᠪᠣᠯᠵᠠᠢ᠂ ᠤᠷᠭᠤᠭ᠎ᠠ ᠴᠡᠴᠡᠭ ᠰᠢᠭ ᠬᠡᠦᠬᠡᠨ ᠪᠣᠯᠵᠠᠢ᠃ ᠠᠮᠢᠳᠤᠷᠠᠯ ᠳᠤ ᠲᠠᠯᠠᠭᠠᠷ ᠡᠯᠡᠭᠳᠡᠭᠡ ᠦᠭᠡᠢ ᠠ᠋᠂ ᠦᠷᠳᠡᠭ ᠲᠠᠢ ᠯᠡ ᠠᠮᠢᠳᠤᠷᠠᠵᠤ ᠢᠷᠡᠵᠤ ᠳ᠋ᠠ ᠭᠡᠬᠦ ᠠᠴᠠ ᠮᠠᠩᠨᠠᠢ ᠶᠢᠨ ᠬᠢᠨᠢ ᠦᠷᠴᠢᠯᠡᠭᠡᠰᠦ  ᠨᠢ ᠲᠡᠨᠢᠢᠨ᠎ᠡ᠃ ᠮᠠᠭᠠᠳ ᠦᠭᠡᠢ  ᠲᠡᠭᠦᠨ ᠠᠴᠠ ᠬᠤᠶᠢᠰᠢ ᠳᠠᠩᠳᠠ ᠢᠨᠢᠶᠡᠮᠰᠦᠭᠯᠡᠵᠦ ᠶᠠᠪᠤᠳᠠᠭ ᠪᠦᠰᠡᠭᠦᠢ ᠬᠥᠮᠥᠨ ᠠᠮᠢᠳᠤᠷᠠᠯ ᠳᠤ ᠨᠢᠭᠡ ᠨᠡᠮᠡᠭᠳᠡᠨ᠎ᠡ᠃ ᠬᠥᠮᠥᠨ ᠦᠨᠡᠬᠡᠷ ᠳᠡᠭᠡᠵᠤ ᠭᠡᠨᠡᠳᠲᠡ ᠯᠡ ᠤᠨᠲᠠᠭᠰᠠᠨ ᠠᠴᠠ ᠰᠡᠷᠢᠭᠰᠡᠨ ᠤᠨᠠᠭᠰᠠᠨ ᠠᠴᠠ ᠪᠠᠨ ᠪᠣᠰᠣᠭᠰᠠᠨ ᠮᠡᠲᠦ ᠥᠪᠡᠷ ᠢ ᠪᠠᠨ ᠡᠷᠢᠵᠦ ᠣᠯᠳᠠᠭ ᠲᠠᠨᠢᠵᠤ ᠬᠠᠷᠠᠳᠠᠭ ᠦᠶ᠎ᠡ ᠪᠤᠢ᠃       ᠲᠣᠭᠤᠰᠣᠨ ᠳᠤ ᠳᠠᠷᠤᠭᠳᠠᠭᠰᠠᠨ ᠣ ᠡᠩᠭᠡᠰᠬᠡ ᠪᠠᠨ ᠭᠠᠷᠭᠠᠵᠤ ᠠᠪᠴᠢᠷᠠᠨ ᠲᠣᠭᠤᠮᠵᠢᠷ ᠦᠭᠡᠢ ᠤᠷᠭᠢᠬᠰᠠᠨ ᠲᠣᠷᠭᠠᠨ ᠳᠡᠪᠡᠯ ᠢᠶᠠᠨ ᠨᠠᠷᠠᠯᠠᠵᠤ ᠳᠡᠯᠭᠡᠨ᠎ᠡ᠃ ᠬᠥᠭᠰᠢᠷᠡᠭᠡ ᠦᠭᠡᠢ ᠯᠡ ᠪᠠᠶᠢᠨ᠎ᠠ ᠰᠢᠤ᠂ ᠬᠥᠮᠥᠨ ᠠᠴᠠ ᠳᠣᠣᠷ᠎ᠠ ᠦᠭᠡᠢ ᠯᠡ ᠪᠠᠶᠢᠳᠠᠭ ᠶᠤᠮ ᠪᠠᠶᠢᠨ᠎ᠠ ᠭᠡᠵᠦ ᠲᠣᠯᠢᠨ ᠳᠠᠬᠢ ᠥᠪᠡᠷ ᠤᠷᠤᠭᠤ ᠪᠠᠨ ᠬᠠᠷᠠᠵᠤ ᠰᠡᠳᠬᠢᠯ ᠳᠦᠭᠦᠷᠡᠩ ᠰᠠᠨᠠᠭ᠎ᠠ ᠬᠠᠨᠠᠭᠠᠷ ᠪᠣᠯᠣᠨ᠎ᠠ᠃ ᠠᠮᠠᠨ ᠳᠤᠨᠢ ᠠᠶᠠᠯᠣᠬᠳᠠᠳᠠᠭ ᠨᠢ ᠰᠢᠨ᠎ᠡ ᠰᠤᠷᠤᠬᠰᠠᠨ ᠳᠠᠭᠤᠤ᠂ ᠠᠯᠬᠤᠭ᠎ᠠ ᠭᠢᠰᠭᠢᠭᠡᠨ ᠳᠤᠨᠢ ᠢᠨᠵᠠᠭᠠᠨ ᠲᠠᠬᠰᠢᠭ᠎ᠠ ᠲᠠᠢ ᠰᠠᠯᠬᠢ ᠠᠶᠠᠷᠬᠠᠨ ᠪᠥᠵᠢᠭᠯᠡᠨ᠎ᠡ᠃ ᠱᠣᠩ ᠳᠤ ᠰᠠᠭᠤᠭᠰᠠᠨ ᠱᠠᠭᠠᠵᠠᠭᠠᠢ  ᠭᠠᠶᠢᠬᠠᠨ ᠬᠠᠷᠠᠵᠤ ᠱᠠᠭᠰᠢᠷᠠᠬᠤ ᠪᠠᠨ ᠮᠠᠷᠲᠠᠵᠤ ᠱᠢᠷᠦᠨ ᠤᠯᠠᠭᠠᠨ ᠬᠠᠴᠠᠷ  ᠲᠤᠨᠢ ᠪᠠᠶᠠᠰᠬᠤᠯᠠᠩ ᠳᠡᠯᠭᠡᠷᠡᠭᠰᠡᠨ ᠢ ᠨᠢ ᠨᠥᠬᠦᠷ ᠨᠢ ᠮᠡᠩᠳᠡᠨ  ᠬᠠᠷᠠᠵᠤ  ᠮᠡᠯᠡᠷᠡᠵᠦ ᠠᠪᠤᠨ᠎ᠠ᠃ ᠠᠯᠢ ᠠᠶᠢᠯ ᠤᠨ ᠭᠡᠷ ᠲᠤ ᠬᠠᠷᠠᠭᠰᠠᠨ ᠬᠡᠦᠬᠡᠨ ᠰᠢᠭ  ᠭᠡᠵᠦ ᠠᠯᠮᠠᠶᠢᠷᠠᠨ ︽ᠦᠭᠡᠢ᠂ ᠥᠨᠥᠬᠢ ᠴᠢᠨᠢ ᠬᠡᠦᠬᠡᠨ ᠪᠠᠶᠢᠬᠤ ᠳᠠᠭᠠᠨ ᠡᠶᠢᠮᠦ ᠯᠡ ᠭᠡᠨᠡᠨ ᠠᠭᠠᠯᠢᠬᠠᠨ ᠠᠮᠢᠳᠠᠨ ᠪᠠᠶᠢᠭᠰᠠᠨ ᠪᠢᠰᠢᠦ︾ ᠭᠡᠵᠦ ᠠᠩᠬ᠎ᠠ ᠬᠠᠷᠠᠭᠰᠠᠨ ᠴᠠᠭ ᠢᠶᠠᠨ ᠰᠠᠨᠠᠵᠤ ᠠᠪᠤᠨ᠎ᠠ᠃       ᠦᠵᠡᠰᠭᠦᠯᠡᠩ ᠢ ᠡᠵᠢ ᠠᠴᠠ ᠪᠠᠨ ᠥᠪᠯᠡᠵᠦ ᠳᠦᠷᠦᠭᠰᠡᠨ᠂ ᠪᠠᠶᠠᠰᠬᠤᠯᠠᠩ ᠢ ᠬᠠᠪᠤᠷ ᠤᠨ ᠤᠷᠢᠨ ᠠᠴᠠ ᠲᠡᠭᠦᠵᠦ ᠠᠪᠤᠭᠰᠠᠨ᠂ ᠬᠠᠮᠤᠭ ᠤᠨ ᠤᠶᠠᠩᠭᠠᠲᠠᠢ ᠵᠢᠷᠭᠢᠳᠡᠭ ᠰᠢᠪᠠᠭᠤᠨ ᠠᠴᠠ ᠪᠡᠯᠡᠭᠯᠡᠵᠦ ᠥᠭᠭᠦᠭᠰᠡᠨ ᠠ᠋᠃  ᠭᠡᠷᠡᠯ ᠲᠠᠢ ᠲᠡᠶᠢᠮᠤ ᠰᠢᠪᠠᠭᠤ ᠵᠢᠷᠦᠬᠡᠨ ᠳᠤᠨᠢ ᠬᠡᠵᠢᠶᠡᠳᠡ ᠱᠤᠯᠤᠭᠠᠨᠠᠨ ᠵᠢᠷᠭᠢᠭᠡᠳ ᠪᠠᠶᠢᠭᠰᠠᠨ ᠢ ᠳᠠᠩᠴᠢ ᠯᠡ ᠰᠡᠷᠡᠭᠡ  ᠦᠭᠡᠢ ᠶᠠᠪᠤᠭᠰᠠᠨ ᠯᠡ ᠪᠠᠶᠢᠵᠠᠢ ᠳ᠋ᠠ᠃ ᠲᠡᠷᠡ ᠰᠢᠪᠠᠭᠤ ᠶᠢ ᠪᠦᠰᠡᠭᠦᠢ ᠰᠡᠷᠢᠭᠡᠵᠤ ᠴᠢᠳᠠᠵᠠᠢ᠃ ᠡᠪᠡᠶᠢᠯᠡᠨ ᠠᠪᠴᠤ ᠥᠨᠳᠥᠷ ᠣᠭᠲᠠᠷᠭᠤᠢ ᠳᠤᠨᠢ ᠲᠠᠯᠪᠢᠵᠤ ᠨᠢᠰᠬᠡᠵᠡᠢ ᠠ᠋᠃  ᠡᠭᠦᠨ ᠠᠴᠠ ᠬᠤᠶᠢᠰᠢ ᠨᠢᠯᠪᠤᠰᠤ ᠪᠠᠷ ᠨᠢᠭᠤᠷ ᠢᠶᠠᠨ ᠤᠬᠢᠶᠠᠳᠠᠭ ᠲᠡᠶᠢᠮᠤ ᠪᠦᠰᠡᠭᠦᠢ ᠠᠯᠠᠭ᠎ᠠ ᠪᠤᠯᠳᠠᠭ᠃ ᠭᠤᠨᠢᠭ ᠢ ᠨᠢ ᠭᠤᠪᠢ ᠶᠢᠨ ᠴᠠᠭᠠᠨ ᠮᠠᠨᠠᠨ ᠠᠷᠴᠢᠭᠠᠳ ᠥᠭᠭᠦᠭᠰᠡᠨ᠃ ᠭᠤᠨᠳᠠᠭᠰᠠᠨ ᠢ ᠨᠢ ᠭᠤᠷᠤᠬ᠎ᠠ ᠶᠢᠨ ᠨᠣᠭᠤᠭᠠᠨ ᠤᠨᠢᠶᠠᠷ ᠨᠢᠭᠤᠭᠰᠠᠨ ᠠ᠋᠃       ᠪᠦᠭᠦᠨ ᠢ ᠠᠭᠤᠴᠢᠯᠠᠵᠤ ᠪᠦᠭᠦᠨ ᠢ ᠪᠠᠭᠲᠠᠭᠠᠵᠤ ᠪᠦᠭᠦᠨ ᠢ ᠰᠢᠨ᠎ᠡ ᠪᠠᠷ ᠡᠬᠢᠯᠡᠬᠦ ᠪᠣᠯᠣᠮᠵᠢ ᠶᠢ ᠬᠠᠷᠠᠮ ᠦᠭᠡᠢ ᠨᠡᠭᠡᠭᠡᠳᠡᠭ ᠨᠢ ᠬᠠᠪᠤᠷ᠂  ᠪᠦᠰᠡᠭᠦᠢ ᠬᠤᠶᠠᠷ ᠠᠵᠢ᠃       ᠦᠷ᠎ᠡ ᠮᠢᠨᠢ ᠭᠡᠬᠦ ᠠᠴᠠ ᠠᠭᠤᠯᠠ ᠤᠰᠤᠨ ᠳᠠᠭᠠᠨ ᠰᠦᠰᠦᠭᠯᠡᠬᠦ᠂ ᠦᠳᠡᠯᠥᠭᠡ ᠪᠤᠭᠤᠷᠤᠯ ᠢᠶᠠᠨ ᠬᠦᠨᠳᠦᠯᠡᠵᠦ ᠬᠠᠲᠠᠭᠤ ᠵᠠᠩᠨᠠᠭᠰᠠᠨ ᠢᠶᠠᠨ ᠭᠡᠮᠰᠢᠵᠦ ᠭᠤᠮᠣᠳᠠᠭᠠᠵᠤ ᠠᠪᠤᠭᠰᠠᠨ ᠢᠶᠠᠨ ᠤᠬᠠᠮᠰᠠᠷᠯᠠᠵᠤ ︽ᠦᠷ᠎ᠡ ᠲᠠᠢ ᠬᠥᠮᠥᠨ ᠮᠥᠷ ᠲᠠᠢ︾ ᠬᠡᠮᠡᠨ ᠦᠢᠯᠡ ᠮᠥᠷ ᠢᠶᠠᠨ ᠡᠷᠭᠢᠵᠦ ᠨᠢᠭᠡ ᠬᠠᠷᠠᠨ᠎ᠠ᠃       ᠦᠳᠤ ᠰᠣᠳᠣ ᠨᠢ ᠪᠦᠷᠢᠳᠴᠦ ᠠᠭᠠᠷ ᠣᠭᠲᠠᠷᠭᠤᠢ ᠳᠤ ᠳᠡᠪᠳᠡᠷᠢᠨ ᠥᠪᠡᠷ ᠤᠨ ᠣᠷᠴᠢᠯᠠᠩ ᠢ  ᠵᠣᠷᠢᠬᠤ ᠦᠷ᠎ᠡ ᠪᠠᠨ ᠬᠡᠳᠦᠢ ᠴᠦ ᠲᠦᠪᠳᠡᠮ᠎ᠡ ᠦᠭᠡᠢ ᠴᠦ ᠭᠡᠯ᠎ᠡ ᠠᠷᠤ ᠬᠤᠶᠢᠨ᠎ᠠ ᠠᠴᠠ ᠨᠢ ᠰᠠᠴᠤᠯᠢ ᠡᠷᠭᠦᠨ ᠬᠤᠴᠣᠷᠤᠨ᠎ᠠ᠃       ᠡᠬᠡ ᠬᠥᠮᠥᠨ ᠰᠡᠳᠬᠢᠯ ᠬᠠᠩᠬᠠᠶᠢᠷᠠᠵᠤ ᠣᠷᠣᠨ ᠭᠠᠷᠤᠨ ᠰᠠᠭᠤᠳᠠᠯ ᠦᠭᠡᠢ᠃ ᠤᠤᠭᠤᠭᠰᠠᠨ ᠴᠠᠢ ᠶᠢᠨ ᠬᠢᠨᠢ ᠳᠠᠪᠤᠰᠤ ᠨᠢ ᠰᠤᠯᠠᠳᠠᠭᠰᠠᠨ ᠮᠡᠲᠦ  ᠤᠴᠠᠷᠠᠭᠰᠠᠨ ᠬᠥᠮᠥᠨ ᠦᠷ᠎ᠡ ᠶᠢᠨ ᠬᠢᠨᠢ ᠰᠤᠷᠠᠭ ᠢ ᠳᠤᠭᠤᠯᠭᠠᠬᠤ ᠰᠢᠭ᠋ ᠬᠦᠰᠡᠬᠦ ᠭᠤᠷᠢᠳᠠᠯ ᠢᠷᠭᠤᠢ ᠨᠢᠳᠦᠯᠡᠬᠦ ᠮᠡᠲᠦ ᠰᠡᠳᠬᠢᠯ ᠳᠤᠨᠢ ᠭᠡᠷᠡᠯᠲᠦᠨ᠎ᠡ᠃  ᠭᠡᠪᠡᠴᠦ ᠶᠠᠭᠠᠬᠢᠬᠤ ᠪᠤᠢ᠃ ᠭᠡᠮᠡᠷ ᠭᠤᠮᠣᠷ ᠡᠳᠦᠷ ᠬᠤᠨᠤᠭ ᠤᠳ ᠲᠠᠢ ᠪᠠᠨ ᠠᠯᠪᠠ ᠪᠠᠷ ᠲᠠᠰᠤᠨ᠎ᠠ᠃       ᠦᠷᠦᠭᠡ ᠭᠡᠷ ᠤᠨ ᠭᠠᠳᠠᠭ᠎ᠠ ᠵᠣᠭᠰᠣᠵᠤ  ᠡᠷᠪᠡᠢ ᠦᠷ᠎ᠡ ᠪᠠᠨ ᠬᠦᠯᠢᠶᠡᠳᠡᠭ ᠦᠳᠡᠳᠡᠭ  ᠡᠵᠢ ᠲᠠᠢ ᠪᠠᠨ ᠠᠳᠠᠯᠢ ᠡᠵᠢ  ᠪᠣᠯᠣᠯ᠎ᠠ ᠳ᠋ᠧ᠃ ᠡᠬᠡ ᠶᠢᠨ ᠰᠠᠨᠠᠭ᠎ᠠ ᠦᠷ᠎ᠡ ᠳᠤ᠂ ᠦᠷ᠎ᠡ ᠶᠢᠨ  ᠰᠠᠨᠠᠭ᠎ᠠ ᠠᠭᠤᠯᠠᠨ ᠳᠤ ᠪᠠᠶᠢᠳᠠᠭ ᠢ ᠴᠦ ᠤᠬᠠᠭᠠᠷᠠᠨ᠎ᠠ᠃ ᠨᠢᠳᠦ ᠲᠠᠲᠠᠵᠤ ᠴᠢᠬᠢ ᠬᠠᠩᠭᠢᠨᠠᠪᠠᠴᠤ ᠪᠡᠯᠭᠡ ᠢᠷᠸ᠎ᠠ ᠶᠢ ᠰᠤᠪᠢᠵᠤ ᠬᠤᠯᠠ ᠣᠶᠢᠷ᠎ᠠ ᠶᠢ ᠰᠠᠨᠠᠵᠤ ᠰᠡᠳᠬᠢᠯ ᠤᠶᠠᠷᠠᠵᠤ ︽ᠦᠷ᠎ᠡ ᠮᠢᠨᠢ︾ ᠭᠡᠵᠦ ᠬᠠᠷᠢ ᠬᠤᠯᠠ ᠬᠥᠮᠥᠨ ᠤ ᠨᠤᠲᠤᠭ ᠲᠡᠶᠢᠰᠢ ᠰᠡᠳᠬᠢᠯ ᠰᠠᠷᠪᠡᠯᠵᠡᠵᠤ ︽ᠡᠵᠢ ᠶᠢᠨ ᠢᠶᠠᠨ ᠡᠪᠦᠷ ᠲᠤ ᠪᠠᠶᠢᠭ᠎ᠠ ᠰᠢᠭ᠋ ᠬᠤᠷᠸ᠎ᠠ ᠲᠡᠶᠢᠮᠤ ᠳᠤᠯᠠᠭᠠᠬᠠᠨ ᠪᠢᠰᠢ ᠰᠢᠤ︾ ᠭᠡᠵᠦ  ᠰᠠᠯᠬᠢᠨ ᠳᠤ ᠰᠢᠪᠡᠨᠡᠵᠦ ᠰᠢᠪᠠᠭᠤᠨ ᠳᠤ ᠵᠠᠬᠢᠮᠠᠷ ᠰᠠᠨᠠᠭᠳᠠᠳᠠᠭ᠃ ︽ᠬᠡᠨ ᠴᠦ ᠪᠠᠶᠢᠭ᠂ ᠥᠪᠡᠷ ᠤᠨ ᠵᠠᠮ ᠢᠶᠠᠨ ᠥᠪᠡᠷ ᠢᠶᠠᠨ ᠠᠯᠬᠤᠵᠤ ᠲᠤᠭᠤᠯᠳᠠᠭ ᠶᠤᠮ ᠳ᠋ᠠ︾ ᠭᠡᠵᠦ ᠥᠪᠡᠷ ᠢ ᠪᠠᠨ ᠡᠯᠡᠭᠯᠡᠵᠦ ᠠᠷᠪᠠᠨ ᠨᠠᠢᠮᠠᠳᠠᠢ ᠠᠯᠳᠠᠷᠠᠢ ᠮᠡᠲᠦ ᠠᠯᠢᠶᠠᠬᠠᠨ ᠢᠨᠢᠶᠡᠳᠦ ᠠᠯᠳᠠᠨ᠎ᠠ᠃       ᠬᠡᠨ ᠨᠢᠭᠡᠨ ᠳᠤ ᠭᠤᠮᠣᠳᠠᠬᠤ ᠪᠠᠨ ᠪᠣᠯᠢᠵᠤ ᠬᠡᠨ ᠨᠢᠭᠡᠨ ᠳᠤ ᠴᠦ ᠨᠠᠶᠢᠳᠠᠬᠤ ᠪᠠᠨ ᠪᠣᠯᠢᠨ᠎ᠠ᠃ ᠬᠡᠷᠰᠡᠦ ᠰᠠᠭᠤᠭᠰᠠᠨ ᠪᠦᠰᠡᠭᠦᠢ ᠶᠢᠨ ᠠᠮᠠᠨ ᠠᠴᠠ ᠲᠣᠮᠤᠭ᠎ᠠ ᠲᠠᠢ ᠦᠭᠡ ᠳᠤᠵᠢ ᠳᠤᠭᠤᠯᠳᠠᠨ᠎ᠠ᠃       ᠶᠠᠭᠤᠮ᠎ᠠ ᠪᠦᠭᠦᠨ ᠢ ᠠᠭᠤᠴᠢᠯᠠᠨ ᠪᠠᠭᠲᠠᠭᠠᠵᠤ ᠪᠦᠭᠦᠳᠡ ᠶᠢᠨ ᠡᠬᠡ ᠮᠡᠲᠦ ᠬᠦᠯᠢᠴᠡᠩᠭᠦᠢ ᠨᠢᠭᠦᠯᠡᠰᠦᠩᠭᠦᠢ᠃  ᠪᠤᠰᠤᠳ ᠠᠴᠠ ᠶᠠᠭᠤᠮ᠎ᠠ ᠬᠦᠰᠡᠬᠦ ᠪᠠᠨ ᠪᠣᠯᠢᠭᠰᠠᠨ ᠨᠢ ᠳᠣᠲᠣᠭᠠᠳᠤ ᠰᠡᠳᠬᠢᠯ ᠬᠦᠴᠦᠷᠬᠡᠭ ᠪᠣᠯᠤᠭᠰᠠᠨ ᠤ ᠬᠢ᠃ ᠪᠤᠰᠤᠳ ᠠᠴᠠ ᠬᠦᠰᠡᠬᠦ ᠪᠤᠰᠤ ᠪᠤᠰᠤᠳ ᠲᠤ ᠬᠡᠷᠡᠭ ᠲᠤ ᠬᠦᠷᠬᠦ ᠶᠢ ᠠᠮᠢ ᠨᠠᠰᠤᠨ ᠤ ᠦᠷᠳᠡᠭ ᠭᠡᠳᠡᠭ ᠢ ᠤᠬᠠᠭᠠᠷᠠᠨ᠎ᠠ᠃       ᠥᠷᠯᠥᠭᠡ ᠨᠠᠷᠠᠨ ᠤ ᠭᠡᠷᠡᠯ ᠢᠶᠠᠷ ᠰᠦᠯᠡᠭᠰᠡᠨ ᠪᠣᠯᠬᠤᠷ ᠴᠠᠢ ᠨᠢ ᠰᠢᠷᠭᠠᠯ᠃ ᠰᠢᠷᠭᠠᠯ ᠴᠠᠢ ᠶᠢ ᠣᠭᠤᠴᠢᠯᠠᠵᠤ ᠰᠠᠭᠤᠭᠰᠠᠨ ᠬᠥᠮᠥᠨ ᠤ ᠴᠢᠷᠠᠢ ᠲᠡᠨᠢᠭᠡᠷ᠃ ᠠᠷᠢᠭᠤᠨ ᠣᠷᠣᠨ ᠮᠡᠲᠦ ᠦᠷᠦᠭᠡ ᠭᠡᠷ ᠠᠴᠠ   ᠠᠮᠤᠷ ᠠᠮᠤᠭᠤᠯᠠᠩ ᠤᠨ ᠠᠭᠠᠷ ᠠᠮᠢᠰᠬᠤᠭ᠎ᠠ ᠰᠡᠩᠭᠢᠨᠡᠨ᠎ᠡ᠃       ᠨᠢᠭᠡ ᠯᠡ ᠮᠡᠳᠡᠬᠦ ᠳᠤ ᠪᠦᠰᠡᠭᠦᠢ ᠮᠢᠨᠢ ᠶᠢᠷᠲᠢᠨᠴᠦ ᠶᠢᠨ ᠨᠢᠭᠡᠨ ᠦᠵᠡᠰᠭᠦᠯᠡᠩ ᠪᠣᠯᠴᠢᠬᠠᠭᠰᠠᠨ ᠶᠠᠪᠤᠵᠤ ᠪᠠᠶᠢᠳᠠᠭ᠃ ᠨᠢᠭᠡ ᠯᠡ ᠮᠡᠳᠡᠬᠦ ᠳᠤ ᠬᠠᠪᠤᠷ ᠤᠨ ᠰᠢᠪᠠᠭᠤ ᠰᠢᠭ᠋ ᠬᠠᠮᠤᠭ ᠤᠶᠠᠩᠭᠠᠯᠢᠭ ᠳᠠᠭᠤᠯᠠᠵᠤ  ᠪᠠᠶᠢᠳᠠᠭ ᠠ᠋᠃                                                                               ᠵᠣᠬᠢᠶᠠᠭᠴᠢ᠄ ᠣ · ᠨᠠᠷᠭᠢᠯ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ