ᠮᠤᠩᠭᠤᠯᠴᠤᠳ ᠤᠨ ᠮᠤᠷᠢᠨ ᠤ ᠰᠢᠲᠦᠯᠭᠡ ︵ᠭᠤᠷᠪᠠ︶
ᠨᠡᠶᠢᠲᠡᠯᠡᠭᠰᠡᠨ ᠴᠠᠭ᠄
2024/4/10
       3. ᠮᠤᠩᠭᠤᠯᠴᠤᠳ ᠤᠨ ᠮᠤᠷᠢᠨ ᠤ ᠰᠢᠲᠦᠯᠭᠡ       ᠮᠤᠩᠭᠤᠯᠴᠤᠳ ᠤᠨ ᠮᠤᠷᠢᠨ ᠤ ᠰᠢᠲᠦᠯᠭᠡ ᠳᠤ ᠤᠩᠭᠤ ᠰᠢᠲᠦᠭᠡᠨ ︵ᠲᠡᠭᠡᠲᠦ ᠰᠢᠲᠦᠭᠡᠨ︶ ᠤ ᠰᠢᠲᠦᠯᠭᠡ᠂ ᠵᠦᠯᠲᠡ ᠰᠢᠲᠦᠯᠭᠡ ︵ᠰᠦᠨᠡᠰᠦ ᠰᠢᠲᠦᠯᠭᠡ︶᠂ ᠮᠤᠷᠢᠨ ᠤ ᠪᠡᠶ᠎ᠡ ᠪᠠᠶᠢᠲᠠᠯ᠂ ᠵᠠᠩ ᠠᠷᠠᠨᠰᠢᠨ ᠢ ᠪᠠᠭᠲᠠᠭᠠᠬᠰᠠᠨ ᠭᠤᠸ᠎ᠠ ᠲᠠᠭᠠᠰᠢᠶᠠᠯ᠂ ᠤᠶᠢᠯᠡ ᠬᠢᠲᠡᠯ᠂ ᠠᠮᠢ ᠨᠠᠰᠤ ᠪᠠᠨ ᠬᠤᠯᠪᠤᠬᠰᠠᠨ ᠡᠯᠢᠭᠡ ᠦᠨᠲᠡᠯᠵᠡᠮ᠎ᠡ ᠰᠢᠲᠦᠯᠴᠡᠭᠡᠰᠡᠨ ᠰᠡᠳᠬᠢᠯᠭᠡ ᠵᠡᠷᠭᠡ ᠤᠯᠠᠨ ᠲᠠᠪᠬᠤᠷᠭ᠎ᠠ ᠰᠤᠶᠤᠯ ᠤᠨ ᠠᠭᠤᠯᠭ᠎ᠠ ᠠᠭᠤᠯᠤᠬᠲᠠᠵᠤ ᠪᠠᠶᠢᠲᠠᠭ᠃           ᠮᠤᠩᠭᠤᠯᠴᠤᠳ ᠤᠨ ᠮᠤᠷᠢᠨ ᠤ ᠤᠩᠭᠤ ᠰᠢᠲᠦᠯᠭᠡ ᠨᠢ ᠬᠠᠲᠠᠨ ᠲᠡᠭᠡᠷ᠎ᠡ ᠵᠢᠷᠤᠬᠤ᠂ ᠡᠯ᠎ᠡ ᠵᠦᠢᠯ ᠤᠨ ᠡᠷᠲᠡᠨᠢ ᠴᠢᠯᠠᠭᠤᠳ ᠢᠶᠠᠷ ᠱᠤᠭᠤᠬᠤ᠂ ᠠᠯᠲᠠ ᠮᠦᠩᠭᠦ᠂ ᠬᠦᠷᠡᠯ ᠭᠠᠥᠯᠢ ᠪᠠᠷ ᠴᠢᠳᠬᠤᠬᠤ ᠮᠡᠲᠦ ᠪᠠᠷ ᠤᠵᠠᠭᠤᠷ ᠤᠯᠠᠮᠵᠢᠯᠠᠯ ᠢᠶᠠᠨ ᠬᠡᠪ ᠢᠶᠠᠷ ᠵᠠᠯᠭᠠᠮᠵᠢᠯᠠᠬᠰᠠᠨ ᠢᠶᠠᠷ ᠪᠠᠷᠠᠬᠤ ᠦᠭᠡᠢ ᠪᠦᠰ ᠲᠤᠷᠭᠠᠨ ᠲᠠᠯᠪᠠᠭ᠎ᠠ ᠲᠡᠭᠡᠷ᠎ᠡ ᠪᠠᠷᠯᠠᠵᠤ ᠬᠡᠶᠢᠮᠤᠷᠢ ᠭᠡᠮᠡᠨ ᠬᠡᠶᠢᠰᠭᠡᠵᠦ ᠲᠦᠭᠡᠮᠡᠯᠵᠢᠭᠦᠯᠦᠭᠰᠡᠨ ᠪᠠᠶᠢᠨ᠎ᠠ᠃       ᠮᠤᠩᠭᠤᠯᠴᠤᠳ ᠤᠨ ᠲᠤᠮᠲᠠ ᠮᠤᠷᠢᠨ ᠤ ᠰᠦᠨᠡᠰᠦᠨ ᠰᠢᠲᠦᠯᠭᠡ — ᠵᠦᠯᠲᠡ ᠰᠢᠲᠦᠯᠭᠡ ᠮᠥᠨ ᠤᠯᠠᠮᠵᠢᠯᠠᠨ ᠬᠠᠲᠠᠭᠠᠯᠠᠭᠲᠠᠭᠰᠠᠭᠠᠷ ᠪᠠᠶᠢᠨ᠎ᠠ᠃       
ᠢᠷᠡᠯᠲᠡ᠄ ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ