ᠭᠦᠳᠡᠯᠮᠦᠷᠢ ᠶᠢᠨ ᠤᠷᠢᠶ᠎ᠠ ᠲᠠᠢ ᠬᠠᠪᠤᠷ ᠤᠨ ᠳᠤᠷᠠᠰᠤᠮᠵᠢ
ᠨᠡᠶᠢᠲᠡᠯᠡᠭᠰᠡᠨ ᠴᠠᠭ᠄
2024/4/10
       ᠡᠭᠡᠪᠦᠷ ᠲᠠᠭᠠᠬᠰᠠᠨ ᠴᠠᠰᠤ ᠵᠠᠬ᠎ᠠ ᠭᠦᠪᠡᠭᠡ ᠠᠴᠠ ᠪᠠᠨ ᠰᠡᠮᠡᠷᠡᠨ ᠬᠠᠶᠢᠯᠵᠤ᠂ ᠨᠤᠲᠤᠭ ᠤᠨ ᠪᠣᠷᠣᠬᠠᠨ ᠰᠢᠪᠠᠭᠤᠳ ᠨᠠᠷᠠ ᠲᠠᠢ ᠤᠷᠤᠯᠳᠤᠵᠤ ᠱᠤᠯᠤᠭᠠᠨᠠᠯᠳᠤᠨ᠂ ᠨᠢᠳᠦ ᠨᠢ ᠰᠡᠷᠭᠦᠭᠰᠡᠨ ᠰᠢᠳᠦᠯᠡᠩ ᠤᠳ ᠰᠡᠭᠦᠯ ᠰᠣᠭᠰᠣᠶᠢᠯᠭᠠᠨ ᠰᠣᠷᠲᠣᠭᠤᠯᠠᠵᠤ᠂ ᠬᠥᠳᠡᠭᠡ ᠶᠢᠨ ᠪᠡᠯᠴᠢᠭᠡᠷ ᠲᠤ ᠲᠣᠶᠢᠭ ᠤᠨ ᠲᠠᠭᠤᠨ ᠠᠶᠢᠵᠠᠮᠯᠠᠨ ᠤᠶᠠᠩᠭᠠᠷᠠᠭᠠᠳ ᠁ ᠮᠢᠨᠤ ᠨᠤᠲᠤᠭ ᠤᠨ ᠬᠠᠪᠤᠷ ᠳᠠᠭᠤᠲᠠᠢ ᠱᠤᠤᠳᠠᠢ ᠰᠠᠭᠠᠲᠠᠳᠠᠭ ᠰᠠᠨ᠃       ᠤᠶᠠᠩᠭ᠎ᠠ ᠡᠭᠡᠰᠢᠭ ᠬᠠᠩᠭᠢᠨᠠᠨ᠂ ᠤᠯᠠᠨ ᠠᠵᠢᠯ ᠭᠦᠪᠦᠷᠡᠭᠰᠡᠨ ᠭᠦᠳᠡᠯᠮᠦᠷᠢ ᠶᠢᠨ ᠤᠷᠢᠶ᠎ᠠ ᠲᠠᠢ ᠬᠠᠪᠤᠷ ᠤᠨ ᠤᠯᠠᠷᠢᠯ ᠰᠠᠶᠢᠬᠠᠨ ᠠᠴᠠ ᠰᠠᠶᠢᠬᠠᠨ ᠠ᠋᠃ ᠬᠤᠷᠠᠭ᠎ᠠ ᠢᠰᠢᠭᠡ ᠠᠮᠠᠳᠠᠭᠤᠯᠬᠤ᠂ ᠬᠤᠷᠤᠭ᠎ᠠ ᠬᠤᠳᠠ ᠬᠠᠭᠤᠷᠠᠶᠢᠯᠠᠬᠤ ︵ᠨᠤᠷᠠᠯᠠᠬᠤ︶᠂ ᠬᠠᠭᠠᠷᠬᠠᠢ ᠴᠤᠭᠤᠷᠬᠠᠢ ᠥᠮᠥᠷᠡᠭᠦᠯᠬᠦ ︵ᠣᠶᠣᠬᠤ︶ ᠁ ᠭᠡᠳ ᠡᠵᠢ ᠶᠢᠨ ᠠᠵᠢᠯ ᠮᠤᠩᠳᠠᠬᠤ ᠦᠭᠡᠢ᠃ ᠲᠥᠯ ᠲᠠᠯᠪᠢᠬᠤ᠂ ᠬᠤᠨᠢ ᠲᠣᠶᠢᠭᠯᠠᠬᠤ᠂  ᠲᠥᠯ ᠤᠨ ᠵᠤᠩᠭᠠᠭ ᠴᠡᠪᠡᠷᠯᠡᠬᠦ ᠁ ᠭᠡᠳ ᠮᠢᠨᠤ ᠠᠵᠢᠯ ᠴᠦ ᠬᠢᠷᠢ ᠳᠡᠭᠡᠨ ᠶᠠᠭᠠᠷᠠᠤ᠃ ᠵᠠ᠂ ᠡᠶᠢᠮᠦ ᠬᠤᠶᠠᠷ ᠠᠵᠢᠯᠰᠠᠭ ᠬᠥᠮᠥᠨ ᠡᠨᠡ ᠠᠶᠢᠯ ᠤᠨ ᠭᠡᠷ ᠣᠷᠣᠨ᠂ ᠬᠤᠳᠠ ᠬᠤᠷᠣᠭᠠᠨ ᠤ ᠳᠤᠮᠳᠠ ᠬᠤᠯᠬᠢᠵᠤ ᠥᠨᠵᠢᠳᠡᠭ ᠪᠣᠯ ᠲᠦᠯᠡᠭᠡ ᠤᠰᠤ ᠲᠡᠩᠨᠡᠬᠦ᠂ ᠡᠮᠨᠢᠭ ᠲᠤᠬᠰᠢᠨ ᠰᠤᠷᠭᠠᠬᠤ᠂ ᠰᠢᠭᠡᠭ ᠬᠥᠷᠵᠡᠩ ᠭᠢᠰᠬᠢᠬᠦ ᠁ ᠭᠡᠳ ᠠᠪᠤ ᠲᠡᠷᠢᠭᠦᠲᠡᠢ ᠮᠠᠨ ᠤ ᠡᠷᠡᠴᠦᠦᠯ ᠤᠨ ᠠᠵᠢᠯ ᠴᠦ ᠵᠠᠬ᠎ᠠ ᠠᠴᠠ ᠠᠪᠤᠨ᠂ ᠵᠠᠮ ᠠᠴᠠ ᠦᠷᠭᠦᠯᠵᠢᠯᠡᠨ᠎ᠡ᠃       ᠮᠠᠯ ᠪᠡᠭᠡᠷᠡᠭ ᠪᠣᠯᠣᠨ᠎ᠠ ᠭᠡᠳ ᠮᠠᠨ ᠤ ᠬᠢ ᠬᠤᠨᠢ ᠮᠠᠯ ᠢᠶᠠᠨ ᠬᠤᠷᠢᠵᠤ ᠬᠠᠰᠢᠶᠠᠯᠠᠬᠤ ᠶᠢ ᠲᠠᠭᠠᠯᠠᠬᠤ ᠦᠭᠡᠢ᠃ ᠫᠧᠩ ᠰᠠᠷᠠᠪᠴᠢ᠂ ᠬᠤᠷᠤᠭ᠎ᠠ ᠬᠠᠰᠢᠶ᠎ᠠ ᠮᠡᠲᠦ ᠶᠢᠨ ᠪᠠᠷᠢᠯᠭ᠎ᠠ ᠲᠥᠬᠦᠭᠡᠷᠦᠮᠵᠢ ᠶᠢᠨ ᠲᠠᠯ᠎ᠠ ᠪᠠᠷ ᠭᠠᠪᠢᠬᠤ ᠦᠭᠡᠢ ᠴᠦ ᠭᠡᠯ᠎ᠡ ᠬᠤᠨᠢ ᠪᠠᠨ ᠪᠡᠭᠡᠷᠡᠭᠦᠯᠦᠨ᠂ ᠢᠮᠠᠭ᠎ᠠ ᠪᠠᠨ ᠲᠠᠷᠤᠴᠠᠭᠤᠯᠵᠤ᠂ ᠭᠦᠭ ᠢᠶᠠᠨ ᠲᠠᠷᠢᠨ ᠬᠥᠳᠥᠰᠥ ᠪᠠᠨ ᠴᠢᠷᠴᠦ ᠪᠠᠶᠢᠭ᠎ᠠ ᠦᠭᠡᠢ᠃       ᠶᠢᠰᠦ ᠣᠷᠣᠬᠤ ᠳᠤ ᠮᠠᠯ ᠢᠶᠠᠨ ᠬᠥᠷᠵᠡᠩ ᠢᠶᠠᠷ ᠪᠠᠷᠢᠭᠰᠠᠨ ᠵᠠᠳᠠᠭᠠᠢ ᠬᠤᠷᠣᠭᠠᠨ ᠳᠤ ᠬᠤᠷᠢᠵᠤ᠂ ᠲᠠᠪᠤ ᠶᠢᠰᠦ ᠲᠣᠭᠠᠯᠠᠩᠭᠤᠲᠠ ︽ᠮᠠᠯ ᠤᠨ ᠭᠡᠭᠡᠯ ᠰᠢᠬᠠᠴᠢᠬᠠᠨ᠎ᠠ︕︾ ᠭᠡᠳ ᠵᠠᠳᠠᠭᠠᠢ ᠬᠤᠨᠣᠭᠤᠯᠤᠨ᠂ ᠠᠪᠤ ᠡᠵᠢ ᠬᠤᠶᠠᠷ ᠡᠭᠡᠯᠵᠢᠯᠡᠨ ᠬᠤᠳᠠ ᠡᠷᠭᠢᠵᠦ ᠨᠢᠯᠬ᠎ᠠ ᠲᠥᠯ ᠢᠶᠠᠨ ᠡᠰᠡᠨ ᠮᠡᠨᠳᠦ ᠲᠤᠰᠤᠨ᠎ᠠ᠃ ᠲᠠᠩ ᠪᠦᠷᠢᠶᠡᠰᠦ ᠲᠠᠢ ᠭᠡᠷ ᠢᠶᠠᠨ ᠲᠥᠭᠡ ᠵᠤᠵᠠᠭᠠᠨ ᠨᠤᠷᠠᠯᠠᠭᠠᠳ ᠪᠠᠷᠠᠭᠤᠨ ᠬᠤᠶᠢᠲᠤ ᠬᠠᠶᠠᠭ᠎ᠠ ᠪᠠᠷ ᠨᠢ ᠬᠥᠷᠵᠡᠩ ᠢᠶᠠᠷ ᠲᠠᠰᠤᠯᠪᠤᠷᠢ ᠪᠠᠷᠢᠵᠤ ᠨᠢᠯᠬ᠎ᠠ ᠲᠥᠯ ᠢᠶᠠᠨ ᠬᠤᠷᠢᠵᠤ᠂ ᠭᠦᠷᠦᠪᠡ ᠶᠢ ᠨᠢ ᠲᠥᠯ ᠤᠨ ᠭᠡᠷ ᠭᠡᠵᠦ ᠪᠡᠯᠡᠳᠬᠡᠭᠰᠡᠨ ᠮᠣᠩᠭᠤᠯ ᠭᠡᠷ ᠲᠡᠭᠡᠨ ᠵᠠᠳᠠᠭᠠᠢ ᠬᠤᠨᠣᠭᠤᠯᠤᠨ᠎ᠠ᠃ ᠲᠥᠯ ᠬᠡᠴᠢᠨᠡᠨ ᠤᠯᠠᠨ ᠴᠦ ᠮᠠᠯ ᠲᠥᠯᠯᠡᠵᠦ ᠳᠠᠭᠤᠰᠬᠤ ᠠᠴᠠ ᠡᠮᠦᠨ᠎ᠡ ᠮᠠᠯ ᠬᠠᠰᠢᠶᠠᠯᠠᠵᠤ ᠲᠥᠯ ᠢᠯᠠᠭᠠᠠᠤ ᠶᠢ ᠮᠡᠳᠡᠬᠦ ᠦᠭᠡᠢ᠃ ᠵᠠᠭᠤ ᠭᠠᠷᠤᠢ ᠬᠤᠶᠠᠷ ᠵᠠᠭᠤ ᠰᠢᠬᠠᠮ ᠬᠤᠷᠠᠭ᠎ᠠ ᠶᠢ ᠨᠢᠭᠡ ᠨᠢᠭᠡ ᠪᠠᠷ ᠨᠢ ᠪᠠᠷᠢᠵᠤ ᠵᠥᠭᠡᠭᠡᠳᠡᠭ᠃ ᠬᠥᠷᠥᠪᠡᠵᠢᠭᠰᠡᠨ ᠬᠤᠷᠠᠭ᠎ᠠ ᠪᠠᠷᠢᠬᠤ ᠳᠤ ᠬᠡᠴᠡᠭᠦᠦ᠃ ᠠᠷᠠᠢ ᠭᠡᠵᠦ ᠪᠠᠷᠢᠭᠠᠳ ᠰᠤᠭᠤᠪᠴᠢᠯᠠᠬᠤ ᠪᠠᠷ ᠴᠠᠳᠬᠤᠯᠠᠩ ᠭᠡᠳᠡᠰᠦ ᠨᠢ ᠳᠣᠭᠤᠭᠰᠢ ᠪᠠᠨ ᠤᠨᠵᠢᠨ ᠬᠤᠶᠢᠲᠤ ᠬᠥᠯ ᠨᠢ ᠭᠠᠵᠠᠷ ᠲᠠᠢ ᠦᠷᠭᠦᠯᠵᠢᠯᠡᠨ᠎ᠡ᠃ ᠰᠤᠭᠤᠪᠴᠢᠯᠠᠭᠰᠠᠨ ᠡᠵᠡᠨ ᠨᠢ ᠠᠷᠭ᠎ᠠ ᠦᠭᠡᠢ ᠵᠢᠵᠢᠭᠬᠡᠨ ᠪᠣᠯᠣᠭᠠᠳ ᠲᠡᠷᠡ ᠪᠢᠵᠡ᠃ ᠲᠥᠯ ᠢᠶᠠᠨ ᠡᠷᠭᠦᠵᠦ ︵ᠲᠥᠯ ᠪᠠᠷᠢᠵᠤ  ᠬᠤᠷᠢᠶᠠᠯᠠᠬᠤ ᠶᠢ ᠲᠥᠯ ᠡᠷᠭᠦᠨ᠎ᠡ ᠭᠡᠳᠡᠭ︶ ᠳᠠᠭᠤᠰᠤᠮᠠᠭᠴᠠ ᠰᠣᠯᠢ᠂ ᠴᠠᠬᠢᠯᠳᠠᠭ᠂ ᠲᠡᠷᠡᠰᠦᠨ ᠤ ᠥᠯᠥᠩ ᠢ ᠨᠠᠷᠢᠨ ᠰᠢᠳᠠᠮ ᠢᠶᠠᠷ ᠴᠢᠩᠭ᠎ᠠ ᠪᠣᠭᠤᠵᠤ᠂ ᠤᠨᠢᠨ ᠠᠴᠠ ᠠᠳᠡ ᠲᠡᠨᠳᠡ ᠦᠭᠡᠢ ᠵᠢᠷᠢᠢᠲᠡᠯ᠎ᠡ ᠤᠶᠠᠨ᠂ ᠲᠥᠯ ᠬᠤᠵᠢᠷᠰᠢᠨ᠎ᠠ ᠬᠡᠮᠡᠨ ᠬᠠᠨ᠎ᠠ ᠶᠢᠨ ᠨᠢᠳᠦᠨ ᠳᠤ ᠪᠤᠳᠠᠷᠭᠠᠨ᠎ᠠ ᠬᠠᠪᠴᠢᠭᠤᠯᠤᠨ᠎ᠠ᠃  ᠵᠢᠪᠠᠷ ᠲᠤ ᠭᠠᠷᠴᠤ᠂ ᠰᠡᠷᠢᠭᠦᠨ ᠳᠤ ᠬᠥᠷᠥᠪᠡᠵᠢᠭᠰᠡᠨ ᠲᠥᠯ ᠨᠤᠤᠬᠠᠲᠤᠵᠤ ᠠᠮᠠᠷᠤᠳᠠᠬᠤ ᠶᠢᠨ ᠵᠤᠪᠠᠯᠠᠩ ᠦᠭᠡᠢ ᠪᠦᠭᠡ ᠥᠯᠴᠢᠷ ᠪᠠᠶᠢᠳᠠᠭ ᠨᠢ ᠮᠠᠯ ᠢᠶᠠᠨ ᠰᠡᠷᠢᠭᠦᠨ ᠣᠷᠴᠢᠨ ᠳᠤ ᠮᠠᠯᠵᠢᠭᠰᠠᠨ ᠤ ᠠᠴᠢ  ᠪᠤᠶᠤ᠃       ᠰᠠᠭᠠᠭᠰᠠᠨ ᠮᠠᠯ ᠰᠦ ᠲᠠᠢ ᠲᠥᠯᠯᠡᠳᠡᠭ ᠭᠡᠳ ᠮᠠᠨ ᠤ ᠬᠢ ᠮᠠᠯ ᠢᠶᠠᠨ ᠰᠠᠭᠠᠵᠤ ᠰᠢᠪᠳᠤᠷᠬᠤ ᠶᠢ ᠮᠠᠰᠢ ᠡᠷᠬᠢᠮᠯᠡᠨ᠎ᠡ᠃ ᠵᠤᠨ ᠳᠠᠭᠠᠨ ᠬᠤᠨᠢ ᠪᠠᠨ ᠬᠤᠯᠪᠣᠵᠤ ᠰᠠᠭᠠᠳᠠᠭ ᠪᠣᠯ ᠬᠠᠪᠤᠷ ᠲᠠᠭᠠᠨ ᠬᠤᠷᠠᠭᠠᠯᠠᠭᠰᠠᠨ ᠬᠤᠨᠢᠳ ᠢᠶᠠᠨ ᠨᠢᠭᠡ ᠨᠢᠭᠡ ᠪᠠᠷ ᠨᠢ ᠪᠠᠷᠢᠵᠤ ᠤᠴᠢᠬᠯᠠᠳᠠᠭ᠃ ᠮᠠᠨ ᠤ ᠬᠤᠨᠢᠳ ᠰᠦ ᠲᠠᠢ ᠲᠥᠯᠯᠡᠨ᠎ᠡ᠃ ︽ᠰᠦ ᠪᠠᠨ ᠪᠠᠷᠠᠬᠤ ᠦᠭᠡᠢ ᠴᠠᠳᠬᠤᠯᠳᠠᠭᠠᠳ ᠤᠭᠤᠷᠠᠭ ᠨᠢ ᠵᠠᠩᠭᠢᠷᠠᠵᠤ ᠪᠠᠭᠠᠰᠤ ᠰᠢᠭᠡᠰᠦ ᠠᠯᠳᠠᠬᠤ ᠪᠤᠢ᠃ ᠲᠡᠯᠡᠩ ᠨᠢ ᠴᠢᠨᠦᠵᠦ ᠰᠦ ᠨᠢ ᠲᠠᠲᠠᠷᠠᠬᠤ ᠪᠤᠢ ᠁︾ ᠭᠡᠳ ᠬᠤᠨᠢ ᠬᠤᠷᠠᠭᠠᠯᠠᠵᠤ ᠡᠬᠢᠯᠡᠩᠭᠦᠲᠡ ᠬᠤᠨᠢ ᠤᠴᠢᠬᠯᠠᠬᠤ ᠠᠵᠢᠯ ᠢᠳᠡ ᠭᠦᠭ ᠲᠠᠢ ᠥᠷᠨᠢᠨ᠎ᠡ᠃ ᠠᠪᠤ ᠡᠵᠢ ᠪᠢᠳᠠ ᠭᠤᠷᠪᠠᠭᠤᠯᠠ ᠬᠤᠨᠢ ᠤᠴᠢᠬᠯᠠᠵᠤ ︵ᠰᠠᠭᠠᠵᠤ︶᠂ ᠬᠦᠦᠴᠦᠦᠯ ᠬᠤᠨᠢᠳ ᠢ ᠰᠢᠭᠢᠷᠡᠳᠡᠨ ᠪᠠᠷᠢᠵᠤ᠂ ᠬᠦᠵᠦᠭᠦᠦ ᠪᠠᠷ ᠨᠢ ᠰᠤᠭᠤᠪᠴᠢᠯᠠᠨ ᠬᠥᠳᠡᠯᠭᠡᠬᠦ ᠦᠭᠡᠢ ᠵᠣᠭᠰᠣᠭᠠᠵᠤ ᠤᠴᠢᠬᠯᠠᠭᠤᠯᠤᠨ᠎ᠠ᠃  ᠬᠥᠬᠦ ᠲᠡᠯᠡᠩ ᠳᠡᠭᠡᠨ ᠭᠠᠷ ᠬᠦᠷᠭᠡᠭᠦᠯᠵᠦ ᠦᠵᠡᠭᠡ ᠦᠭᠡᠢ ᠨᠡᠮᠡᠷᠢ ᠶᠢᠨ ᠵᠤᠰᠠᠭ ᠤᠳ ᠳᠡᠪᠬᠡᠷᠦᠨ ᠰᠠᠭᠤᠯᠠᠭ᠎ᠠ ᠲᠠᠢ ᠰᠦ ᠴᠠᠯᠭᠢᠭᠤᠯᠤᠨ᠎ᠠ᠃ ︽ᠰᠠᠭᠤᠯᠠᠭ᠎ᠠ ᠪᠠᠨ ᠬᠤᠶᠠᠷ ᠡᠪᠦᠳᠦᠭ ᠢᠶᠠᠷ ᠢᠶᠠᠨ ᠰᠠᠶᠢᠨ ᠬᠠᠪᠴᠢᠪᠠᠯ ᠶᠠᠭᠠᠬᠢᠳᠠᠭ ᠶᠤᠮ︖ ᠰᠠᠭᠠᠯᠢ ᠰᠦ ᠠᠰᠬᠠᠪᠠᠯ ᠮᠠᠯ ᠤᠨ ᠪᠤᠶᠠᠨ ᠬᠠᠷᠢᠴᠢᠬᠠᠨ᠎ᠠ︕︾ ᠭᠡᠵᠦ ᠠᠪᠤ ᠡᠵᠢ ᠵᠢᠮᠡᠯᠡᠨ᠎ᠡ᠃ ᠬᠦᠦᠴᠦᠦᠯ ᠲᠤᠬᠰᠢᠨ ᠬᠤᠨᠢᠳ ᠢ ᠨᠣᠮᠣᠬᠠᠨ ᠵᠣᠭᠰᠤᠭᠠᠬᠤ ᠭᠡᠵᠦ ᠬᠥᠯ ᠭᠠᠷ ᠢᠶᠠᠨ ᠭᠢᠰᠬᠢᠭᠦᠯᠦᠨ ᠨᠢᠰᠤ ᠬᠥᠯᠥᠰᠦ ᠪᠠᠨ ᠭᠤᠭᠤᠵᠢᠭᠤᠯᠵᠤ᠂ ᠪᠤᠳᠤᠯᠢᠬᠤ ᠶᠢᠨ ᠶᠡᠭᠡ ᠪᠠᠷ ᠪᠤᠳᠤᠯᠢᠭᠰᠠᠨ ᠴᠦ ᠮᠠᠯ ᠬᠤᠢ ᠲᠠᠢ ᠨᠣᠴᠣᠯᠳᠤᠵᠤ ᠪᠢᠷ᠎ᠠ ᠲᠡᠩᠬᠡᠭᠡ ᠣᠷᠣᠨ ᠪᠡᠶ᠎ᠡ ᠬᠠᠷ᠎ᠠ ᠨᠢ ᠥᠰᠦᠨ᠎ᠡ᠃ ᠮᠠᠨ ᠤ ᠲᠣᠮᠣᠴᠤᠤᠯ ︽ᠭᠡᠳᠡᠰᠦ ᠴᠠᠳᠬᠤᠯᠠᠩ ᠪᠣᠯ ᠬᠡᠦᠬᠡᠳ ᠶᠠᠮᠠᠷ ᠶᠠᠳᠠᠷᠠᠨ᠎ᠠ ᠭᠡᠵᠦ ᠪᠠᠶᠢᠬᠤ ᠪᠢᠰᠢ᠃ ᠶᠣᠰᠣᠲᠠᠢ ᠨᠡᠷ᠎ᠡ ᠦᠭᠡᠢ ᠬᠥᠳᠡᠯᠮᠦᠷᠢᠴᠢᠳ︕︾ ᠭᠡᠵᠦ ᠱᠤᠪᠤᠭᠤᠷᠳᠠᠬᠤ ᠳᠤᠷᠠᠲᠠᠢ᠃ ᠰᠦ ᠲᠠᠢ ᠴᠠᠢ ᠤᠤᠭᠤᠵᠤ᠂ ᠴᠢᠨᠠᠭᠰᠠᠨ ᠤᠭᠤᠷᠠᠭ ᠢᠳᠡᠨ᠂ ᠱᠣᠪᠣᠭᠤᠷ ᠮᠠᠯᠠᠭᠠᠢ ᠪᠠᠷ ᠭᠤᠶᠣᠯᠠᠭᠰᠠᠨ ᠮᠠᠨ ᠤ ᠠᠬ᠎ᠠ ᠳᠡᠭᠦᠦ ᠭᠡᠳᠦ ᠶᠢᠨ ᠬᠥᠯ ᠡᠨᠡᠬᠡᠨ ᠦᠭᠡᠨ ᠳᠤ ᠯᠡ ᠬᠥᠩᠭᠡᠷᠡᠭᠡᠳ ᠢᠷᠡᠨ᠎ᠡ ᠳ᠋ᠠ᠃       ᠬᠥᠳᠡᠭᠡ ᠬᠤᠨᠢ ᠬᠤᠷᠠᠭᠠᠯᠠᠵᠤ ᠬᠤᠷᠠᠭ᠎ᠠ ᠡᠭᠦᠷᠬᠦ ᠬᠡᠴᠡᠭᠦᠦ ᠠᠵᠢᠯ ᠪᠠᠰᠠ ᠪᠤᠢ᠃ ᠮᠠᠨ ᠤ ᠪᠠᠷᠢᠭᠠᠳᠠ ᠬᠤᠴᠠ ᠤᠬᠤᠨ᠎ᠠ ᠶᠢᠨ ᠲᠤᠰᠬᠠᠢ ᠰᠦᠷᠦᠭ ᠲᠠᠢ᠃ ᠬᠠᠭᠤᠴᠢᠨ ᠤ ᠨᠠᠢᠮᠠᠨ ᠰᠠᠷ᠎ᠠ ᠭᠠᠷᠤᠩᠭᠤᠲᠠ ᠠᠶᠢᠯ ᠤᠳ ᠬᠤᠴᠠ ᠪᠠᠨ ᠬᠤᠲᠠᠨ ᠳᠠᠭᠠᠨ ᠠᠪᠴᠢᠷᠠᠵᠤ ᠰᠦᠷᠦᠭ ᠲᠡᠭᠡᠨ ᠲᠠᠯᠪᠢᠨ᠎ᠠ᠃ ᠮᠠᠨ ᠤ ᠬᠢ ᠤᠯᠠᠨ ᠬᠤᠨᠢ ᠲᠠᠢ᠃ ᠳᠥᠷᠪᠡ᠂ ᠲᠠᠪᠤᠨ ᠬᠤᠴᠠ ᠶᠢ ᠵᠡᠷᠭᠡ ᠳᠤᠨᠢ ᠲᠠᠯᠪᠢᠵᠤ᠂ ᠪᠥᠭᠡᠮ ᠢᠶᠠᠷ ᠲᠥᠯᠯᠡᠭᠦᠯᠳᠡᠭ᠃ ᠬᠥᠳᠡᠭᠡ ᠬᠤᠨᠢ ᠤᠯᠠᠨ ᠬᠤᠷᠠᠭᠠᠯᠠᠨ᠎ᠠ᠃ ᠪᠡᠯᠴᠢᠭᠡᠷ ᠲᠤ ᠭᠠᠷᠬᠤ ᠵᠠᠮ ᠳᠤ ᠬᠤᠷᠠᠭᠠᠯᠠᠭᠰᠠᠨ ᠢ ᠨᠢ ᠨᠥᠮᠥᠷᠢ ᠭᠠᠵᠠᠷ ᠬᠤᠷᠠᠭ᠎ᠠ ᠲᠠᠢ ᠨᠢ ᠤᠷᠭᠢᠨ᠂ ᠪᠤᠴᠠᠯᠭᠠᠨ ᠳᠠᠭᠠᠨ ᠲᠠᠭᠠᠷᠢᠵᠤ᠂ ᠬᠤᠷᠠᠭ᠎ᠠ ᠶᠢ ᠨᠢ ᠳᠠᠭᠠᠭᠤᠯᠤᠨ ᠭᠠᠳᠠᠨ᠎ᠠ ᠪᠠᠨ ᠲᠠᠭᠤᠵᠤ ᠠᠪᠴᠢᠷᠠᠳᠠᠭ᠃ ᠲᠡᠷᠡ ᠦᠶ᠎ᠡ ᠶᠢᠨ ᠮᠠᠯ ᠣᠷᠤᠭ᠎ᠠ ᠲᠤᠬᠰᠢᠨ᠂ ᠴᠣᠪᠣᠭᠤ ᠭᠡᠳᠡᠭ ᠨᠢ ᠬᠡᠷᠡᠭ᠃ ᠬᠤᠷᠠᠭ᠎ᠠ ᠨᠢ ᠬᠡᠵᠢᠶᠡᠨᠡᠢ ᠦᠭᠡᠢ ᠠᠮᠠᠳᠠᠴᠢᠬᠠᠭᠰᠠᠨ ᠲᠡᠷᠡ ᠬᠤᠯᠠ ᠠᠴᠠ ᠡᠬᠡ ᠪᠠᠨ ᠲᠠᠭᠠᠭᠠᠳ ᠠᠵᠢᠭ ᠴᠦ ᠦᠭᠡᠢ ᠭᠠᠳᠠᠨ᠎ᠠ ᠢᠷᠡᠴᠢᠬᠡᠳᠡᠭ᠃       ᠮᠠᠯ ᠪᠡᠯᠴᠢᠭᠡᠷ ᠠᠴᠠ ᠡᠷᠭᠢᠴᠢᠬᠡᠭᠰᠡᠨ ᠦᠶ᠎ᠡ ᠳᠤ ᠬᠤᠨᠢ ᠬᠤᠷᠠᠭᠠᠯᠠᠪᠠᠯ ᠬᠤᠷᠠᠭ᠎ᠠ ᠡᠭᠦᠷᠬᠦ ᠬᠡᠴᠡᠭᠦᠦ ᠠᠵᠢᠯ ᠣᠨᠣᠭᠳᠠᠨ᠎ᠠ᠃ ᠬᠤᠷᠠᠭ᠎ᠠ ᠶᠡᠭᠡ ᠬᠦᠨᠳᠦ᠃ ᠭᠤᠷᠪᠠ ᠠᠴᠠ ᠬᠡᠲᠦᠷᠡᠪᠡᠯ ᠡᠭᠦᠷᠴᠦ ᠳᠠᠭᠠᠭᠠᠭᠳᠠᠬᠤ ᠪᠠᠨ ᠪᠣᠯᠢᠨ᠎ᠠ᠃ ᠳᠤᠯᠠᠭᠠᠨ ᠡᠳᠦᠷ ᠲᠠᠭᠠᠷᠠᠪᠠᠯ ᠶᠠᠭᠠᠬᠢᠬᠤ ᠪᠤᠢ᠃ ᠬᠤᠷᠠᠭ᠎ᠠ ᠨᠢ ᠳᠥᠩᠭᠡᠵᠦ ᠬᠥᠯ ᠳᠡᠭᠡᠷ᠎ᠡ ᠪᠠᠨ ᠪᠣᠰᠣᠩᠭᠤᠲᠠ ᠠᠮᠠᠳᠠᠭᠤᠯᠤᠨ᠎ᠠ᠃ ᠡᠬᠡ ᠶᠢᠨ ᠢᠶᠠᠨ ᠬᠠᠯᠠᠭᠤᠨ ᠰᠦ ᠪᠠᠷ ᠠᠮᠠᠳᠠᠭᠰᠠᠨ ᠬᠤᠷᠠᠭ᠎ᠠ ᠪᠠᠷᠤᠭᠲᠠᠢ ᠳᠤ ᠪᠡᠭᠡᠷᠡᠬᠦ ᠦᠭᠡᠢ᠃ ᠦᠰᠦ ᠨᠢ ᠪᠤᠷᠴᠠᠭᠯᠠᠭᠰᠠᠨ ᠴᠦ ᠡᠬᠡ ᠶᠢᠨ ᠢᠶᠠᠨ ᠬᠤᠷᠠᠭᠠᠰᠢᠬᠤ ᠲᠠᠭᠤᠨ ᠢᠶᠠᠷ ᠬᠦᠴᠦ ᠠᠪᠴᠤ᠂ ᠪᠤᠳᠠ ᠪᠤᠳᠠᠷᠭᠠᠨ᠎ᠠ ᠳᠡᠭᠡᠭᠦᠷ ᠲᠤᠬᠤᠨ ᠤᠨᠠᠵᠤ ᠲᠤᠰᠴᠤ ᠪᠠᠶᠢᠭᠰᠠᠨ ᠴᠦ ᠰᠠᠯᠲᠤᠷᠬᠢᠯᠠᠨ ᠪᠣᠰᠣᠭᠠᠳ ᠡᠵᠢ ᠶᠢᠨ ᠢᠶᠠᠨ ᠪᠣᠷᠪᠢᠨ ᠳᠤ ᠵᠡᠭᠦᠭᠳᠡᠨ ᠠᠵᠢᠭ ᠦᠭᠡᠢ ᠬᠤᠲᠠᠨ ᠳᠠᠭᠠᠨ ᠢᠷᠡᠴᠢᠬᠡᠳᠡᠭ᠃ ᠬᠠᠷᠢᠨ ᠬᠦᠢᠲᠡᠨ ᠡᠳᠦᠷ ᠲᠠᠭᠠᠷᠠᠪᠠᠯ ᠬᠤᠷᠠᠭ᠎ᠠ ᠡᠭᠦᠷᠬᠦ ᠬᠡᠴᠡᠭᠦᠦ ᠠᠵᠢᠯ ᠬᠠᠶᠢᠷ᠎ᠠ ᠨᠠᠶᠢᠷ ᠦᠭᠡᠢ ᠪᠠᠭᠤᠨ᠎ᠠ ᠳ᠋ᠠ᠃ ᠠᠮᠢᠳᠤ ᠠᠮᠢᠳᠠᠨ ᠠᠷᠪᠠᠨ ᠠᠷᠭ᠎ᠠ ᠲᠠᠢ ᠭᠡᠭᠴᠢ ᠪᠠᠷ ᠨᠠᠳᠠ ᠪᠠᠰᠠ ᠠᠷᠭ᠎ᠠ ᠪᠤᠢ᠃ ᠬᠤᠶᠠᠷ ᠭᠤᠷᠪᠠ ᠪᠠᠷ ᠨᠢ ᠨᠢᠭᠡ ᠳᠤᠭᠤᠶᠢᠯᠠᠩ ᠪᠣᠯᠭᠠᠨ ᠬᠤᠶᠠᠷ ᠬᠤᠪᠢᠶᠠᠵᠤ ᠤᠭᠤᠲᠠᠯᠠᠭᠠᠳ ᠬᠤᠷᠠᠭ᠎ᠠ ᠪᠡᠭᠡᠷᠡᠴᠢᠬᠡᠬᠦ ᠪᠠᠷ ᠦᠭᠡᠢ ᠣᠶᠢᠷᠠᠬᠠᠨ ᠵᠠᠢ ᠳᠤ ᠨᠢᠭᠡ ᠳᠤᠭᠤᠶᠢᠯᠠᠩ ᠢ ᠨᠦᠭᠦᠭᠡ ᠳᠤᠭᠤᠶᠢᠯᠠᠩ ᠢᠶᠠᠷ ᠨᠢ ᠳᠠᠪᠠᠭᠤᠯᠤᠨ ᠴᠤᠪᠤᠷᠠᠭᠤᠯᠵᠤ ᠵᠥᠭᠡᠭᠡᠨ᠎ᠡ᠃ ᠲᠠᠰᠢᠷᠠᠮ ᠳᠤᠨᠢ ᠬᠠᠷᠢᠭᠤᠯᠤᠭᠰᠠᠨ ᠮᠠᠯ ᠢᠶᠠᠨ ᠴᠤᠭᠯᠠᠭᠤᠯᠬᠤ᠂ ᠬᠤᠷᠠᠭᠠᠨ ᠳᠠᠭᠠᠨ ᠰᠦᠵᠢᠷᠡᠭᠰᠡᠨ ᠬᠤᠨᠢᠳ ᠤᠨ ᠲᠦᠷᠦᠭᠦᠦ ᠶᠢ ᠳᠠᠷᠤᠵᠤ ᠲᠣᠭᠲᠠᠭᠠᠬᠤ ᠠᠵᠢᠯ ᠢ ᠪᠠᠰᠠ ᠠᠮᠵᠢᠭᠤᠯᠬᠤ ᠬᠡᠷᠡᠭᠲᠡᠢ᠃ ᠡᠨᠡ ᠬᠤᠭᠤᠷᠣᠨᠳᠤ ᠤᠭᠤᠲᠠ ᠲᠠᠢ ᠬᠤᠷᠠᠭ᠎ᠠ ᠨᠤᠭᠤᠳ ᠴᠦ ᠳᠤᠯᠠᠭᠠᠴᠠᠵᠤ ᠵᠠᠪᠳᠤᠳᠠᠭ᠃ ᠤᠭᠤᠲᠠ ᠲᠠᠢ ᠬᠤᠷᠠᠭ᠎ᠠ᠂ ᠬᠠᠷᠢᠭᠤᠯᠤᠭᠰᠠᠨ ᠮᠠᠯ ᠤᠨ ᠳᠤᠮᠳᠠ ᠭᠦᠶᠦᠨ ᠱᠣᠭᠰᠢᠶ᠎ᠠ ᠪᠠᠷ ᠲᠠᠪᠠᠷᠠᠭᠠᠭᠰᠠᠨ ᠮᠢᠨᠤ ᠬᠥᠯᠥᠰᠦ ᠡᠭᠡᠪᠦᠷ ᠭᠠᠵᠠᠷ ᠤᠨ ᠬᠠᠶᠢᠯ ᠤᠨ ᠤᠰᠤ ᠰᠢᠭ᠋ ᠤᠷᠤᠰᠳᠠᠭ ᠪᠠᠶᠢᠯ᠎ᠠ ᠭᠡᠵᠦ ᠲᠡᠭᠡᠭᠦᠯᠬᠦ ︵ᠬᠡᠲᠦᠷᠡᠭᠦᠯᠬᠦ︶ ᠳᠤ ᠪᠤᠯᠬᠤ ᠪᠢᠵᠡ⁈       ᠡᠵᠢ ᠬᠥᠯᠥᠰᠦ ᠳᠠᠭᠠᠭᠠᠪᠤᠷᠢᠯᠠᠨ ᠠᠭᠤᠷ ᠪᠠᠭᠠᠭᠢᠭᠰᠠᠨ ᠲᠤᠬᠤ ᠶᠢ ᠮᠢᠨᠢ ᠦᠨᠦᠰᠦᠭᠡᠳ᠄ ︽ᠮᠢᠨᠤ ᠬᠡᠦᠬᠡᠨ ᠭᠦᠳᠡᠯᠮᠦᠷᠢᠴᠢ ᠪᠥᠭᠡᠳ ᠮᠠᠯᠴᠢ᠂ ᠪᠡᠶ᠎ᠡ ᠪᠠᠨ ᠲᠡᠵᠢᠭᠡᠬᠦ ᠠᠷᠭᠠᠴᠠᠯ ᠲᠠᠢ ᠬᠥᠮᠥᠨ ᠪᠤᠯᠬᠤ ᠨᠢ᠃ ᠮᠠᠯ ᠳᠤ ᠬᠠᠶᠢᠷᠠᠲᠠᠢ᠂ ᠭᠦᠳᠡᠯᠮᠦᠷᠢ ᠳᠤ ᠳᠤᠷᠠᠲᠠᠢ ᠬᠥᠮᠥᠨ ᠪᠠᠶᠠᠨ ᠴᠠᠳᠬᠤᠯᠠᠩ ᠠᠮᠢᠳᠤᠷᠠᠬᠤ ᠦᠭᠡᠢ ᠶᠠᠭᠠᠬᠢᠬᠤ ᠪᠤᠢ︕︾ ᠭᠡᠵᠦ ᠤᠷᠮ᠎ᠠ ᠶᠢᠨ ᠦᠭᠡ ᠪᠠᠷ ᠱᠠᠩᠨᠠᠨ᠂ ᠭᠦᠳᠡᠯᠮᠦᠷᠢ ᠶᠢᠨ ᠤᠷᠢᠶ᠎ᠠ ᠪᠠᠷ ᠲᠠᠶᠢᠴᠢᠯᠠᠨ᠎ᠠ᠃       ᠭᠦᠳᠡᠯᠮᠦᠷᠢ ᠶᠢᠨ ᠤᠷᠢᠶ᠎ᠠ ᠲᠠᠢ᠂ ᠲᠥᠯ ᠤᠨ ᠱᠠᠭᠢᠶᠠᠨ ᠲᠠᠢ ᠬᠠᠪᠤᠷ ᠠ᠋ ᠭᠡᠵᠦ ᠠᠮᠢᠳᠤᠷᠠᠯ ᠤᠨ ᠴᠢᠪᠬᠠᠳᠠᠰᠤ ᠲᠠᠢ ᠮᠥᠩᠬᠡ ᠶᠢᠨ ᠳᠤᠷᠠᠰᠤᠮᠵᠢ ᠪᠤᠶᠤ︕                                                                          ᠵᠣᠬᠢᠶᠠᠭᠴᠢ᠄ ᠪᠠ᠊᠆ · ᠠᠯᠲᠠᠨᠴᠡᠴᠡᠭ
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ