ᠬᠡᠦᠬᠡᠳ ᠤᠨ ᠬᠥᠮᠦᠵᠢᠯ ᠳᠤ ᠡᠴᠢᠭᠡ ᠡᠬᠡ ᠨᠠᠨᠳᠢᠨ ᠬᠠᠷᠢᠭᠤᠴᠠᠯᠭ᠎ᠠ ᠲᠠᠢ
ᠨᠡᠶᠢᠲᠡᠯᠡᠭᠰᠡᠨ ᠴᠠᠭ᠄
2024/4/2
       ᠨᠢᠰᠬᠦ ᠮᠡᠲᠦ ᠲᠦᠷᠭᠡᠨ ᠬᠥᠭᠵᠢᠵᠦ ᠪᠠᠶᠢᠭ᠎ᠠ ᠨᠡᠶᠢᠭᠡᠮ ᠪᠠ ᠴᠠᠭ ᠦᠶ᠎ᠡ ᠶᠢᠨ ᠬᠤᠪᠢᠷᠠᠯᠲᠠ ᠶᠢ ᠳᠠᠭᠠᠯᠳᠤᠨ ᠡᠴᠢᠭᠡ ᠡᠬᠡ ᠪᠣᠯᠣᠭᠰᠠᠳ ᠦᠷ᠎ᠡ ᠬᠡᠦᠬᠡᠳ ᠢᠶᠠᠨ ᠬᠡᠷᠬᠢᠨ ᠰᠤᠷᠭᠠᠨ ᠬᠥᠮᠥᠵᠢᠭᠦᠯᠵᠦ᠂ ᠶᠠᠮᠠᠷ ᠡᠭᠦᠷᠭᠡ ᠬᠠᠷᠢᠭᠤᠴᠠᠯᠭ᠎ᠠ ᠶᠢ ᠭᠦᠢᠴᠡᠳᠬᠡᠪᠡᠯ ᠵᠣᠬᠢᠬᠤ ᠲᠤᠬᠠᠢ ᠠᠰᠠᠭᠤᠯᠲᠠ ᠶᠢ ᠴᠤ ᠨᠠᠷᠢᠨ ᠨᠢᠮᠪᠠᠢ ᠪᠣᠳᠣᠯᠬᠢᠯᠠᠨ ᠰᠠᠶᠢᠲᠤᠷ ᠲᠤᠩᠭᠠᠭᠤᠰᠢᠲᠠᠢ ᠪᠣᠯᠵᠠᠢ᠃       ᠡᠴᠢᠭᠡ ᠡᠬᠡ ᠪᠣᠯᠣᠭᠰᠠᠳ ᠬᠡᠦᠬᠡᠳ ᠢᠶᠠᠨ ᠰᠠᠶᠢᠨ ᠢ ᠢᠳᠡᠭᠦᠯᠵᠦ ᠰᠠᠶᠢᠨ ᠢ ᠡᠮᠦᠰᠦᠭᠦᠯᠦᠨ ᠡᠷᠡᠭᠦᠯ ᠴᠢᠭᠢᠷᠠᠭ ᠥᠰᠬᠡᠪᠡᠯ ᠳᠠᠷᠤᠢ ᠡᠴᠢᠭᠡ ᠡᠬᠡ ᠶᠢᠨ ᠡᠭᠦᠷᠭᠡ ᠬᠠᠷᠢᠴᠠᠭᠤᠯᠭ᠎ᠠ ᠪᠠᠨ ᠭᠦᠢᠴᠡᠳᠬᠡᠭᠰᠡᠨ ᠭᠡᠵᠦ ᠵᠠᠷᠢᠮ ᠭᠡᠷ ᠤᠨ ᠠᠬᠠᠮᠠᠳ ᠪᠤᠳᠤᠬᠤ ᠮᠠᠭᠠᠳ᠃ ︽ᠡᠴᠢᠭᠡ ᠡᠬᠡ ᠶᠢᠨ ᠭᠤᠣᠯ ᠠᠵᠢᠯ ᠪᠣᠯ ᠳᠠᠷᠤᠢ ᠦᠷ᠎ᠡ ᠬᠡᠦᠬᠡᠳ ᠢᠶᠠᠨ ᠰᠤᠷᠭᠠᠨ ᠬᠥᠮᠥᠵᠢᠭᠦᠯᠬᠦ ᠶᠠᠪᠤᠳᠠᠯ ᠪᠣᠯᠣᠨ᠎ᠠ︾ ᠭᠡᠵᠦ ᠠᠭᠤᠤ ᠬᠥᠮᠥᠨ ᠮᠠᠷᠺᠰ ᠶᠠᠷᠢᠵᠤ ᠥᠩᠭᠡᠷᠡᠭᠰᠡᠨ᠃ ᠵᠠᠯᠠᠭᠤ ᠨᠢᠭᠡ ᠦᠶ᠎ᠡ ᠶᠢᠨ ᠬᠢᠨ ᠬᠡᠦᠬᠡᠳ ᠤᠨ ᠬᠥᠮᠦᠵᠢᠯ ᠢ ᠶᠡᠬᠡᠳᠡ ᠠᠩᠬᠠᠷᠴᠤ᠂ ᠣᠯᠠᠩᠬᠢ ᠡᠴᠢᠭᠡ ᠡᠬᠡ ᠡᠳᠦᠷ ᠲᠣᠲᠤᠮ ᠤᠨ ᠠᠮᠢᠳᠤᠷᠠᠯ ᠳᠠᠭᠠᠨ ᠦᠷ᠎ᠡ ᠬᠡᠦᠬᠡᠳ ᠢᠶᠠᠨ ᠥᠰᠬᠡᠨ ᠬᠥᠮᠥᠵᠢᠭᠦᠯᠬᠦ ᠳᠤᠮᠳᠠ᠂ ᠶᠠᠮᠠᠷ ᠨᠢᠭᠡᠨ ᠠᠰᠠᠭᠤᠳᠠᠯ ᠲᠤᠯᠭᠠᠷᠠᠪᠠᠯ  ᠰᠤᠷᠭᠠᠭᠤᠯᠢ ᠪᠣᠯᠣᠨ ᠪᠠᠭᠰᠢ ᠨᠠᠷ ᠲᠠᠢ ᠰᠠᠨᠠᠭᠠᠴᠢᠯᠠᠭ᠎ᠠ ᠲᠠᠢ ᠢᠯᠡᠭᠦᠬᠡᠨ ᠬᠠᠮᠵᠢᠯᠴᠠᠬᠤ ᠶᠢᠨ ᠳᠠᠭᠠᠤ ᠳᠤ᠂ ᠥᠪᠡᠷ  ᠢᠶᠠᠨ ᠴᠤ ᠬᠡᠦᠬᠡᠳ ᠤᠨ ᠬᠥᠮᠦᠵᠢᠯ ᠤᠨ ᠲᠤᠬᠠᠢ ᠰᠤᠷᠤᠯᠴᠠᠯᠭ᠎ᠠ ᠶᠢ ᠴᠢᠬᠤᠯᠠᠴᠢᠯᠠᠵᠤ᠂ ᠠᠷᠭ᠎ᠠ ᠪᠦᠭᠦᠨ ᠢ ᠰᠦᠪᠡᠭᠴᠢᠯᠡᠨ ᠬᠡᠦᠬᠡᠳ ᠢᠶᠠᠨ ᠰᠠᠶᠢᠨ ᠬᠥᠮᠥᠵᠢᠭᠦᠯᠵᠦ᠂ ᠬᠡᠦᠬᠡᠳ ᠤᠨ ᠢᠶᠠᠨ ᠡᠷᠡᠭᠦᠯ ᠰᠠᠷᠠᠭᠤᠯ ᠦᠰᠦᠨ ᠪᠣᠶᠢᠵᠢᠬᠤ ᠶᠢ ᠠᠩᠬᠠᠷᠳᠠᠭ᠃ ᠭᠡᠪᠡᠴᠦ ᠡᠭᠦᠨ ᠤ ᠡᠰᠡᠷᠭᠦ ᠪᠠᠷ᠂ ᠵᠠᠷᠢᠮ ᠭᠡᠷ ᠤᠨ ᠠᠬᠠᠮᠠᠳ ᠬᠡᠦᠬᠡᠳ ᠢᠶᠠᠨ ᠰᠤᠷᠭᠠᠨ ᠬᠥᠮᠥᠵᠢᠭᠦᠯᠬᠦ ᠬᠠᠷᠢᠭᠤᠴᠠᠯᠭ᠎ᠠ ᠶᠢᠨ ᠲᠠᠯ᠎ᠠ ᠪᠠᠷ ᠭᠦᠢᠴᠡᠳ ᠪᠤᠰᠤ ᠲᠠᠨᠢᠯᠲᠠ ᠲᠠᠢ ᠪᠠᠶᠢᠳᠠᠭ᠃       ᠬᠡᠦᠬᠡᠳ ᠳᠡᠩᠳᠡᠭᠦᠦ ᠪᠠᠭ᠎ᠠ ᠪᠣᠯ ᠰᠤᠷᠭᠠᠭᠰᠠᠨ ᠴᠤ ᠲᠤᠰᠠ ᠦᠭᠡᠢ᠂ ︽ᠤᠷᠭᠤᠭ᠎ᠠ ᠮᠣᠳᠣ ᠤᠳᠠᠭᠠᠨ ᠳᠠᠭᠠᠨ ᠵᠠᠰᠠᠷᠠᠨ᠎ᠠ︾ ᠭᠡᠳᠡᠭᠴᠢᠯᠡᠨ ᠬᠡᠦᠬᠡᠳ ᠥᠭᠡᠯᠡᠢ ᠪᠣᠯᠪᠠᠯ ᠳᠠᠷᠤᠢ ᠤᠴᠢᠷ ᠶᠣᠰᠣ ᠶᠢ ᠠᠶᠠᠨᠳᠠᠭᠠᠨ ᠮᠡᠳᠡᠴᠢᠬᠡᠨ᠎ᠡ ᠭᠡᠳ ᠬᠡᠦᠬᠡᠳ ᠤᠨ ᠢᠶᠠᠨ ᠠᠶ᠎ᠠ ᠪᠠᠷ ᠨᠢ ᠲᠠᠯᠪᠢᠵᠤ ᠳᠤᠷ᠎ᠠ ᠲᠠᠪᠠ ᠪᠠᠷ ᠨᠢ ᠶᠠᠪᠤᠭᠤᠯᠳᠠᠭ ᠭᠡᠷ ᠤᠨ ᠠᠬᠠᠮᠠᠳ ᠴᠦ ᠪᠠᠭ᠎ᠠ ᠪᠤᠰᠤ ᠪᠠᠶᠢᠳᠠᠭ᠃ ᠬᠡᠦᠬᠡᠳ ᠢ ᠰᠤᠷᠭᠠᠨ ᠬᠥᠮᠥᠵᠢᠭᠦᠯᠬᠦ ᠪᠣᠯ ᠰᠤᠷᠭᠠᠭᠤᠯᠢ ᠶᠢᠨ ᠶᠠᠪᠤᠳᠠᠯ᠂ ᠬᠡᠦᠬᠡᠳ ᠤᠨ ᠬᠢᠴᠢᠶᠡᠯ ᠰᠤᠷᠤᠯᠭ᠎ᠠ ᠪᠣᠯᠣᠨ ᠶᠠᠮᠠᠷ ᠦᠵᠡᠯ ᠪᠤᠳᠤᠯ ᠲᠠᠢ ᠬᠥᠮᠥᠨ ᠪᠣᠯᠭᠠᠨ ᠬᠥᠮᠥᠵᠢᠭᠦᠯᠬᠦ ᠨᠢ ᠪᠠᠭᠰᠢ ᠨᠠᠷ ᠤᠨ ᠬᠠᠮᠢᠶᠠᠷᠬᠤ ᠬᠡᠷᠡᠭ᠂ ᠪᠢᠳᠡ ᠴᠢᠨᠢ ᠪᠢᠴᠢᠭ ᠰᠣᠶᠣᠯ ᠴᠥᠭᠡᠨ ᠭᠥᠷᠳᠡᠭᠰᠡᠨ ᠬᠥᠮᠥᠰ ᠶᠠᠭᠤ ᠯᠡ ᠮᠡᠳᠡᠬᠦᠪ ᠬᠡᠮᠡᠨ ᠵᠦᠪᠭᠡᠨ ᠬᠡᠦᠬᠡᠳ ᠤᠨ ᠢᠳᠡᠵᠦ ᠡᠮᠦᠰᠬᠦ᠂ ᠤᠨᠲᠠᠵᠤ ᠬᠡᠪᠲᠡᠬᠦ ᠶᠢ ᠨᠢ ᠬᠠᠮᠢᠶᠠᠷᠪᠠᠯ ᠪᠣᠯᠴᠢᠬᠠᠨ᠎ᠠ ᠭᠡᠵᠦ ᠵᠠᠷᠢᠮ ᠬᠥᠮᠥᠰ ᠪᠤᠳᠤᠳᠠᠭ᠃ ᠪᠠᠰᠠ ᠵᠠᠷᠢᠮ ᠭᠡᠷ ᠤᠨ ᠠᠬᠠᠮᠠᠳ ᠠᠵᠢᠯ ᠠᠯᠪᠠ ᠨᠢ ᠳᠡᠩᠳᠡᠭᠦᠦ ᠶᠠᠭᠠᠷᠠᠤ ᠠᠴᠠ ᠪᠣᠯᠵᠤ ᠬᠡᠦᠬᠡᠳ ᠢᠶᠠᠨ ᠬᠠᠮᠢᠶᠠᠷᠬᠤ ᠴᠢᠯᠦᠭᠡ ᠵᠠᠪ ᠦᠭᠡᠢ ᠰᠤᠷᠭᠠᠭᠤᠯᠢ ᠳᠤᠨᠢ ᠨᠠᠶᠢᠳᠠᠬᠤ ᠪᠤᠶᠤ ᠡᠮᠡᠭᠡ ᠡᠪᠦᠭᠡ ᠳᠤ ᠨᠢ ᠬᠠᠶᠠᠵᠤ ᠬᠠᠮᠢᠶᠠᠷᠤᠭᠤᠯᠳᠠᠭ ᠴᠤ ᠪᠤᠢ᠃  ᠬᠡᠦᠬᠡᠳ ᠢᠮᠠᠭᠲᠠ ᠭᠠᠳᠠᠭᠠᠳᠤ ᠶᠢᠷᠲᠢᠨᠴᠦ ᠶᠢᠨ ᠡᠯᠳᠡᠪ ᠵᠦᠢᠯ ᠤᠨ ᠨᠥᠯᠥᠭᠡ ᠲᠤᠰᠬᠠᠯ ᠢ ᠬᠦᠷᠲᠡᠵᠦ ᠪᠠᠶᠢᠳᠠᠭ ᠤᠴᠢᠷ ᠠᠴᠠ ᠬᠡᠦᠬᠡᠳ ᠢᠶᠠᠨ ᠥᠰᠬᠡᠨ ᠪᠣᠶᠢᠵᠢᠭᠤᠯᠬᠤ ᠳᠠᠭᠠᠨ ᠳᠡᠩᠳᠡᠭᠦᠦ ᠠᠶ᠎ᠠ ᠪᠠᠷ ᠨᠢ ᠲᠠᠯᠪᠢᠬᠤ ᠨᠢ ᠵᠣᠬᠢᠰ ᠦᠭᠡᠢ᠃ ᠬᠠᠷᠢᠨ ᠪᠠᠭ᠎ᠠ ᠠᠴᠠ  ᠨᠢ ᠵᠢᠭᠠᠵᠤ ᠰᠤᠷᠭᠠᠵᠤ ᠬᠥᠮᠥᠵᠢᠭᠦᠯᠬᠦ ᠶᠢ ᠴᠢᠬᠤᠯᠠᠴᠢᠯᠠᠵᠤ᠂ ᠢᠷᠡᠭᠡᠳᠦᠢ ᠳᠤ ᠨᠡᠶᠢᠭᠡᠮ ᠳᠡᠭᠡᠷ᠎ᠡ ᠬᠡᠷᠡᠭᠴᠡᠭᠡ ᠲᠠᠢ ᠬᠥᠮᠥᠨ ᠪᠣᠯᠭᠠᠨ ᠬᠥᠮᠥᠵᠢᠭᠦᠯᠬᠦ ᠪᠠᠷ ᠬᠥᠲᠥᠯᠵᠦ ᠵᠢᠯᠤᠭᠤᠳᠬᠤ ᠨᠢ ᠳᠤᠩ ᠴᠢᠬᠤᠯᠠ᠃ ᠡᠭᠦᠨ ᠠᠴᠠ ᠭᠠᠳᠠᠨ᠎ᠠ᠂ ᠪᠠᠰᠠ ᠵᠠᠷᠢᠮᠠᠳ ᠨᠢ ᠬᠡᠦᠬᠡᠳ ᠲᠤ ᠬᠥᠮᠦᠵᠢᠯ ᠬᠡᠷᠡᠭᠲᠡᠢ ᠭᠡᠳᠡᠭ ᠢ ᠮᠡᠳᠡᠳᠡᠭ ᠪᠤᠯᠪᠠᠴᠤ ᠡᠨᠡᠬᠦ ᠶᠠᠪᠤᠳᠠᠯ ᠢ ᠰᠤᠷᠭᠠᠭᠤᠯᠢ ᠳᠤ ᠨᠠᠶᠢᠳᠠᠵᠤ᠂ ᠬᠠᠷᠢᠭᠤᠴᠠᠯᠭ᠎ᠠ ᠶᠢ ᠪᠠᠭᠰᠢ ᠳᠤ ᠲᠦᠯᠬᠢᠵᠦ᠂  ᠬᠡᠦᠬᠡᠳ ᠨᠢ ᠶᠠᠮᠠᠷ ᠨᠢᠭᠡᠨ ᠣᠰᠣᠯ ᠪᠤᠷᠤᠭᠤ ᠭᠠᠷᠭᠠᠪᠠᠯ᠂ ᠥᠪᠡᠷ ᠤᠨ ᠬᠡᠦᠬᠡᠳ ᠤᠨ ᠲᠠᠯ᠎ᠠ ᠠᠴᠠ᠂ ᠭᠡᠷ ᠪᠦᠯᠢ ᠶᠢᠨ ᠲᠠᠯ᠎ᠠ ᠠᠴᠠ ᠣᠴᠢᠵᠤ ᠤᠴᠢᠷ ᠰᠢᠯᠲᠠᠭᠠᠨ ᠢ ᠡᠷᠢᠬᠦ ᠦᠭᠡᠢ᠂ ᠬᠠᠷᠢᠨ ᠪᠠᠭᠰᠢ ᠶᠢ ᠵᠢᠮᠡᠯᠡᠬᠦ ᠪᠤᠶᠤ ᠰᠤᠷᠭᠠᠭᠤᠯᠢ ᠶᠢ ᠪᠤᠷᠤᠭᠤᠰᠢᠶᠠᠵᠤ ᠪᠠᠶᠢᠳᠠᠭ᠃ ᠬᠡᠦᠬᠡᠳ ᠢ ᠰᠤᠷᠭᠠᠨ ᠬᠥᠮᠥᠵᠢᠭᠦᠯᠬᠦ ᠳᠤ ᠰᠤᠷᠭᠠᠭᠤᠯᠢ ᠨᠡᠶᠢᠭᠡᠮ ᠠᠴᠠ ᠬᠠᠷᠢᠭᠤᠴᠠᠬᠤ ᠡᠭᠦᠷᠭᠡ ᠬᠠᠷᠢᠭᠤᠴᠠᠯᠭ᠎ᠠ ᠪᠤᠢ᠃ ᠭᠡᠪᠡᠴᠦ ᠭᠡᠷ ᠤᠨ ᠠᠬᠠᠮᠠᠳ ᠪᠣᠯ ᠬᠡᠦᠬᠡᠳ ᠤᠨ ᠬᠠᠮᠤᠭ ᠤᠨ ᠠᠩᠬᠠᠨ ᠤ ᠪᠠᠭᠰᠢ᠂ ᠭᠡᠷ ᠪᠦᠯᠢ ᠪᠣᠯ ᠦᠰᠤᠨ ᠪᠣᠶᠢᠵᠢᠬᠤ ᠬᠠᠮᠤᠭ ᠤᠨ ᠠᠩᠬᠠᠨ ᠤ ᠠᠮᠢᠳᠤᠷᠠᠯ ᠤᠨ ᠣᠷᠴᠢᠨ ᠠᠬᠤᠢ ᠪᠣᠯᠬᠤᠷ᠂ ᠡᠴᠢᠭᠡ ᠡᠬᠡ ᠶᠢᠨ ᠬᠡᠦᠬᠡᠳ ᠲᠤ ᠦᠵᠡᠭᠦᠯᠭᠦ ᠨᠥᠯᠥᠭᠡ ᠶᠢ ᠶᠠᠮᠠᠷ ᠴᠤ ᠬᠥᠮᠥᠨ ᠣᠷᠣᠯᠠᠵᠤ ᠴᠢᠳᠠᠬᠤ ᠦᠭᠡᠢ ᠶᠢᠨ ᠬᠤᠶᠢᠨ᠎ᠠ᠂ ᠡᠴᠢᠭᠡ ᠡᠬᠡ ᠪᠣᠯᠣᠭᠰᠠᠳ ᠡᠷᠬᠡᠪᠰᠢ ᠬᠡᠦᠬᠡᠳ ᠢᠶᠠᠨ ᠰᠤᠷᠭᠠᠨ ᠬᠥᠮᠥᠵᠢᠭᠦᠯᠬᠦ ᠠᠩᠬᠠᠨ ᠤ ᠬᠠᠷᠢᠭᠤᠴᠠᠯᠭᠠᠲᠠᠨ ᠪᠠᠶᠢᠬᠤ ᠶᠣᠰᠣ ᠤᠴᠢᠷ ᠢ ᠤᠬᠠᠭᠠᠷᠠᠵᠤ᠂ ᠬᠡᠦᠬᠡᠳ ᠤᠨ ᠦᠰᠦᠨ ᠪᠤᠶᠢᠵᠢᠯᠳᠠ ᠳᠤ ᠢᠯᠡᠭᠦᠬᠡᠨ ᠰᠡᠳᠬᠢᠯ ᠳᠠᠯᠪᠢᠬᠤ ᠴᠢᠬᠤᠯᠠ ᠲᠠᠢ᠃       ᠬᠡᠦᠬᠡᠳ ᠤᠬᠠᠭᠠᠨ ᠲᠣᠮᠤᠭ᠎ᠠ ᠲᠠᠢ ᠥᠰᠴᠦ ᠬᠥᠮᠥᠵᠢᠭᠳᠡᠬᠦ ᠨᠢ ᠦᠨᠡᠬᠡᠷ ᠡᠴᠢᠭᠡ ᠡᠬᠡ ᠶᠢᠨ ᠥᠩᠭᠡ ᠭᠡᠷᠡᠯ᠂ ᠭᠡᠷ ᠪᠦᠯᠢ ᠶᠢᠨ ᠵᠣᠯ ᠵᠢᠷᠭᠠᠯ ᠪᠤᠯᠬᠤ ᠶᠤᠮ᠃ ᠡᠨᠡ ᠨᠢ ᠮᠥᠨ ᠴᠤ ᠡᠴᠢᠭᠡ ᠡᠬᠡ ᠶᠢᠨ ᠬᠠᠷᠢᠭᠤᠴᠠᠯᠭ᠎ᠠ ᠠᠴᠠ ᠰᠠᠯᠵᠤ ᠴᠢᠳᠠᠰᠢ ᠦᠭᠡᠢ᠃
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ