ᠪᠦᠲᠦᠨ ᠳᠡᠯᠡᠬᠡᠢ ᠪᠠᠨ ᠪᠦᠭᠦᠳᠡᠭᠡᠷ ᠢᠶᠠᠨ ᠬᠠᠮᠠᠭᠠᠯᠠᠶ᠎ᠠ
ᠨᠡᠶᠢᠲᠡᠯᠡᠭᠰᠡᠨ ᠴᠠᠭ᠄
2024/4/22
       ᠥᠨᠥᠳᠥᠷ ᠪᠣᠯ ︽ᠳᠡᠯᠡᠬᠡᠢ ᠶᠢᠨ ᠪᠥᠮᠪᠥᠷᠴᠡᠭ ᠢ ᠬᠠᠮᠠᠭᠠᠯᠠᠬᠤ ᠡᠳᠦᠷ︾᠃       ᠨᠢᠭᠡ ᠵᠢᠯ ᠤᠨ ᠭᠤᠷᠪᠠᠨ ᠵᠠᠭᠤ ᠵᠢᠷᠠᠨ ᠲᠠᠪᠤᠨ ᠡᠳᠦᠷ ᠠᠴᠠ ᠲᠤᠰᠬᠠᠶᠢᠯᠠᠨ ᠳᠡᠯᠡᠬᠡᠢ ᠶᠢᠨ ᠪᠥᠮᠪᠥᠷᠴᠡᠭ ᠲᠤ ᠣᠨᠣᠭᠠᠵᠤ ᠲᠣᠬᠢᠶᠠᠭᠰᠠᠨ ᠣᠨᠴᠠᠭᠠᠢ ᠡᠳᠦᠷ᠃ ᠡᠨᠡ ᠨᠢ ᠥᠭᠡᠷ᠎ᠡ ᠪᠤᠰᠤᠳ ᠡᠳᠦᠷ ᠲᠤ ᠪᠢᠳᠡ ᠣᠷᠣᠰᠢᠨ ᠠᠮᠢᠳᠤᠷᠠᠬᠤ ᠳᠡᠯᠡᠬᠡᠢ ᠶᠢᠨ ᠪᠥᠮᠪᠥᠷᠴᠡᠭ ᠢᠶᠠᠨ ᠣᠬᠲᠣ ᠬᠠᠮᠢᠶᠠᠷᠴᠤ ᠬᠠᠶᠢᠬᠤᠷᠬᠤ ᠦᠭᠡᠢ ᠭᠡᠰᠡᠨ ᠶᠠᠪᠤᠳᠠᠯ ᠪᠢᠰᠢ᠃ ᠬᠠᠷᠢᠨ ᠴᠠᠭ ᠢᠮᠠᠭᠲᠠ ᠪᠥᠮᠪᠥᠷᠴᠡᠭ ᠢᠶᠠᠨ ᠬᠠᠶᠢᠷᠠᠯᠠᠵᠤ ᠬᠠᠮᠠᠭᠠᠯᠠᠬᠤ ᠶᠢ ᠰᠠᠨᠠᠭᠤᠯᠵᠤ ᠳᠤᠷᠠᠳᠬᠠᠭᠰᠠᠨ ᠴᠠᠭᠠᠲᠤ ᠤᠴᠢᠷ ᠤᠳᠬ᠎ᠠ ᠲᠠᠢ ᠪᠢᠯᠡ᠃       ᠬᠥᠮᠥᠨ ᠲᠥᠷᠥᠯᠬᠢᠲᠡᠨ ᠥᠨᠥᠳᠥᠷ 70 ᠳ᠋ᠦᠩᠰᠢᠭᠤᠷ ᠢᠶᠠᠷ ᠲᠣᠭᠠᠯᠠᠵᠤ ᠪᠦᠷᠢᠳᠬᠡᠭᠦᠯᠦᠭᠰᠡᠨ ᠭᠡᠬᠦ ᠪᠤᠯᠪᠠᠴᠣ ᠬᠦᠵᠢ ᠳᠡᠯᠡᠬᠡᠢ ᠭᠠᠭᠴᠠᠬᠠᠨ᠃ ᠲᠡᠭᠡᠭᠦ  ᠳᠡᠭᠡᠨ ᠴᠤᠷ ᠤᠨ ᠭᠠᠭᠴᠠᠬᠠᠨ ᠭᠡᠷ ᠣᠷᠣᠨ ᠢᠶᠠᠨ ᠡᠪᠳᠡᠯᠡᠭᠡ ᠪᠣᠬᠢᠷᠳᠤᠯ ᠠᠴᠠ ᠬᠠᠮᠠᠭᠠᠯᠠᠬᠤ ᠪᠣᠯ ᠬᠥᠮᠥᠨ ᠨᠢᠭᠡᠪᠦᠷᠢ ᠶᠢᠨ ᠲᠠᠷᠬᠠᠨ ᠬᠠᠷᠢᠭᠤᠴᠠᠯᠭ᠎ᠠ ᠪᠤᠯᠬᠤ ᠶᠤᠮ᠃ ᠥᠷᠯᠥᠭᠡ ᠶᠢᠨ ᠨᠠᠷᠠ ᠶᠢ ᠤᠭᠲᠤᠨ᠂ ᠦᠳᠡᠰᠢ ᠶᠢᠨ ᠰᠠᠷᠠ ᠶᠢ ᠦᠳᠡᠵᠦ ᠡᠩ ᠳᠡᠯᠡᠬᠡᠢ ᠳᠤ ᠬᠥᠮᠥᠨ ᠨᠡᠷ᠎ᠡ ᠵᠡᠭᠦᠵᠦ ᠬᠥᠯᠵᠢᠨ ᠲᠣᠭᠲᠠᠨᠢᠬᠤ ᠤᠴᠢᠷ ᠠᠴᠠ ᠪᠢᠳᠡ ᠴᠠᠭ ᠮᠥᠴᠡ ᠪᠦᠷᠢ ᠪᠥᠮᠪᠥᠷᠴᠡᠭ ᠳᠡᠯᠡᠬᠡᠢ ᠪᠠᠨ ᠬᠠᠮᠠᠭᠠᠯᠠᠵᠤ ᠬᠠᠶᠢᠷᠠᠯᠠᠬᠤ ᠶᠢ ᠰᠡᠳᠦᠵᠦ ᠰᠠᠨᠠᠭᠠᠴᠢᠯᠠᠨ᠂ ᠦᠯᠡᠮᠵᠢ ᠶᠢᠨ ᠪᠠᠶᠠᠯᠢᠭ ᠪᠠᠶᠢᠭᠠᠯᠢ ᠳᠡᠯᠡᠬᠡᠢ ᠪᠠᠨ ᠦᠷ᠎ᠡ ᠬᠤᠶᠢᠴᠢᠰ ᠲᠠᠭᠠᠨ ᠤᠯᠠᠮᠵᠢᠯᠠᠪᠠᠯ ᠲᠠᠭᠠᠷᠠᠨ᠎ᠠ᠃ ᠨᠢᠭᠡ ᠶᠣᠰᠣᠨ ᠠᠴᠠ ᠥᠭᠦᠯᠡᠪᠡᠯ ︽ᠳᠡᠯᠡᠬᠡᠢ ᠶᠢᠨ ᠨᠤᠭᠤ ᠭᠠᠵᠠᠷ ᠤᠨ ᠡᠳᠦᠷ︾᠂ ︽ᠳᠡᠯᠡᠬᠡᠢ ᠶᠢᠨ ᠲᠠᠯᠠᠢ ᠲᠠᠩᠭᠢᠰ ᠤᠨ ᠡᠳᠦᠷ︾᠂ ︽ᠳᠡᠯᠡᠬᠡᠢ ᠶᠢᠨ ᠣᠰᠣᠨ ᠤ ᠡᠳᠦᠷ︾᠂ ︽ᠳᠡᠯᠡᠬᠡᠢ ᠶᠢᠨ ᠣᠷᠴᠢᠨ ᠲᠣᠭᠤᠷᠢᠨ ᠤ ᠡᠳᠦᠷ︾ ᠵᠡᠷᠭᠡ ᠦᠯᠡᠮᠵᠢ ᠣᠯᠠᠨ ᠳᠤᠷᠠᠰᠬᠠᠯ ᠤᠨ ᠡᠳᠦᠷ ᠤᠨ ᠴᠢᠨᠠᠳᠤ ᠤᠳᠬ᠎ᠠ ᠤᠴᠢᠷ ᠨᠢ ᠪᠦᠷ  ᠣᠷᠣᠰᠢᠨ ᠠᠮᠢᠳᠤᠷᠠᠬᠤ ᠳᠡᠯᠡᠬᠡᠢ ᠶᠢᠨ ᠪᠥᠮᠪᠥᠷᠴᠡᠭ ᠢ ᠬᠠᠶᠢᠷᠠᠯᠠᠵᠤ ᠬᠠᠮᠠᠭᠠᠯᠠᠬᠤ ᠳᠤ ᠵᠣᠷᠢᠭᠤᠯᠤᠭᠳᠠᠭᠰᠠᠨ ᠶᠤᠮ᠃ᠡᠷᠲᠡᠨ ᠤ ᠦᠭᠡᠨ ᠳᠤ ︽ᠠᠭᠤᠯᠠ ᠤᠰᠤ ᠰᠠᠶᠢᠨ ᠦᠭᠡᠢ ᠪᠣᠯᠪᠠᠰᠤ ᠣᠨᠴᠠᠭᠠᠢ ᠬᠥᠮᠥᠨ ᠲᠦᠷᠦᠭᠦ ᠦᠭᠡᠢ︾ ᠭᠡᠲᠡᠭ᠃ ᠬᠥᠮᠥᠰ ᠪᠠᠶᠢᠭᠠᠯᠢ ᠶᠢ ᠤᠬᠠᠭᠠᠷᠠᠬᠤ ᠳᠤ ᠡᠨᠡ ᠦᠭᠡ ᠶᠢᠨ ᠦᠨ᠎ᠡ ᠴᠡᠨ᠎ᠡ ᠣᠷᠣᠰᠢᠨ᠎ᠠ᠃ ᠪᠠᠶᠢᠭᠠᠯᠢ ᠶᠢᠨ ᠦᠵᠡᠰᠭᠦᠯᠡᠩ ᠭᠤᠸ᠎ᠠ ᠰᠠᠶᠢᠬᠠᠨ ᠢ ᠨᠢᠯᠬ᠎ᠠ ᠪᠠᠭ᠎ᠠ ᠠᠴᠠ ᠪᠠᠨ ᠮᠡᠳᠡᠷᠡᠵᠦ᠂ ᠭᠠᠩᠭᠠᠩ ᠪᠠᠶᠢᠭᠠᠯᠢ ᠳᠤ ᠥᠰᠴᠦ ᠪᠣᠶᠢᠵᠢᠭᠰᠠᠨ ᠬᠥᠮᠥᠨ ᠤ ᠪᠡᠶ᠎ᠡ ᠪᠢᠯᠳᠠᠷ ᠡᠷᠡᠭᠦᠯ ᠴᠢᠭᠢᠷᠠᠭ᠂ ᠰᠡᠳᠬᠢᠯ ᠰᠠᠨᠠᠭ᠎ᠠ ᠠᠭᠤᠵᠢᠮ ᠠᠷᠢᠭᠤᠨ᠂ ᠣᠢ ᠤᠬᠠᠭᠠᠨ ᠰᠠᠷᠠᠭᠤᠯ ᠳᠡᠯᠭᠡᠷ ᠪᠠᠶᠢᠳᠠᠭ ᠤᠴᠢᠷᠲᠠᠢ ᠪᠢᠯᠡ᠃       ᠪᠥᠮᠪᠥᠷᠴᠡᠭ ᠳᠡᠯᠡᠬᠡᠢ ᠪᠢᠳᠡᠨ ᠤ ᠬᠠᠯᠠᠭᠤᠨ ᠥᠯᠥᠭᠡᠢ᠃ ᠪᠢᠳᠡ ᠡᠳᠦᠷ ᠪᠣᠯᠭᠠᠨ ᠪᠠᠶᠢᠭᠠᠯᠢ ᠳᠡᠯᠡᠬᠡᠢ ᠶᠢᠨ ᠴᠡᠪᠡᠷ ᠰᠠᠶᠢᠬᠠᠨ ᠠᠭᠠᠷ ᠢᠶᠠᠷ ᠨᠢ ᠠᠮᠢᠰᠬᠤᠯᠯᠠᠵᠤ᠂ ᠲᠤᠩᠭᠠᠯᠠᠭ ᠠᠷᠢᠭᠤᠨ ᠤᠰᠤ ᠪᠠᠷ ᠨᠢ ᠤᠮᠳᠠᠯᠠᠵᠤ᠂ ᠤᠷᠭᠤᠮᠠᠯ ᠠᠮᠢᠲᠠᠨ ᠢᠶᠠᠷ ᠨᠢ ᠬᠤᠭᠤᠯᠠᠯᠠᠵᠤ ᠪᠠᠶᠢᠳᠠᠭ᠃ ᠡᠶᠢᠨ ᠬᠦ ᠪᠠᠶᠢᠭᠠᠯᠢ ᠳᠡᠯᠡᠬᠡᠢ ᠶᠢᠨ ᠪᠠᠶᠠᠯᠢᠭ ᠰᠢᠮ᠎ᠡ ᠶᠢ ᠬᠦᠷᠲᠡᠵᠦ ᠬᠥᠮᠥᠨ ᠪᠣᠯᠵᠤ ᠥᠰᠴᠦ ᠲᠣᠷᠨᠢᠬᠤ ᠵᠢᠮ᠎ᠡ ᠲᠠᠢ ᠲᠤᠯᠠ ᠲᠦᠷᠦᠵᠦ ᠥᠰᠦᠭᠰᠡᠨ ᠪᠠᠶᠢᠭᠠᠯᠢ ᠳᠡᠯᠡᠬᠡᠢ ᠪᠠᠨ ᠬᠠᠶᠢᠷᠠᠯᠠᠨ ᠭᠦᠨᠳᠦᠳᠭᠡᠵᠦ ︽ᠡᠬᠡ ᠪᠠᠶᠢᠭᠠᠯᠢ︾᠂ ︽ᠡᠬᠡ ᠭᠠᠵᠠᠷ︾ ᠬᠡᠮᠡᠨ ᠬᠦᠨᠳᠦᠳᠬᠡᠨ ᠳᠠᠭᠤᠳᠠᠵᠤ᠂ ︽ᠠᠯᠠᠭ ᠳᠡᠯᠡᠬᠡᠢ ᠳᠤ ᠲᠦᠷᠦᠭᠰᠡᠨ ᠮᠢᠨᠢ ᠤᠴᠢᠷᠲᠠᠢ︾ ᠭᠡᠵᠦ ᠠᠮᠠ ᠪᠠᠷᠳᠠᠮ ᠰᠢᠯᠦᠭᠯᠡᠳᠡᠭ᠃ ᠬᠡᠷᠪᠡ ᠶᠠᠮᠠᠷ ᠨᠢᠭᠡᠨ ᠬᠥᠮᠥᠨ ︽ᠳᠡᠯᠡᠬᠡᠢ︾ ᠭᠡᠰᠡᠨ ᠦᠭᠡ ᠶᠢᠨ ᠳᠡᠭᠡᠷ᠎ᠡ ᠵᠠᠪᠠᠯ ᠲᠣᠳᠣᠳᠬᠠᠯ ᠴᠢᠮᠡᠭ ᠲᠣᠬᠤᠬᠤ ᠳᠤ ᠭᠦᠷᠪᠡᠯ ︽ᠬᠦᠵᠢ ᠳᠡᠯᠡᠬᠡᠢ︾᠂ ︽ᠪᠦᠪᠡᠢ ᠳᠡᠯᠡᠬᠡᠢ︾᠂ ︽ᠠᠯᠲᠠᠨ ᠳᠡᠯᠡᠬᠡᠢ︾ ᠭᠡᠰᠡᠨ ᠬᠦᠨᠳᠦᠳᠬᠡᠯ ᠪᠡᠯᠭᠡᠳᠡᠯ ᠤᠨ ᠦᠭᠡ ᠠᠴᠠ ᠥᠭᠡᠷ᠎ᠡ ᠠᠰᠲᠠᠭᠠᠨ ᠶᠠᠮᠠᠷ ᠦᠭᠡ ᠲᠣᠬᠢᠷᠠᠬᠤ ᠪᠢᠯᠡ⁈       ᠳᠡᠯᠡᠬᠡᠢ ᠶᠢᠨ ᠪᠥᠮᠪᠥᠷᠴᠡᠭ ᠢᠶᠠᠨ ᠬᠠᠶᠢᠷᠠᠯᠠᠬᠤ ᠶᠤᠮ ᠪᠣᠯ ᠬᠠᠮᠠᠭᠠᠯᠠᠬᠤ ᠬᠡᠷᠡᠭᠲᠡᠢ᠃ ᠬᠠᠶᠢᠷᠠᠯᠠᠬᠤ ᠭᠡᠲᠡᠭ ᠨᠢ ᠰᠡᠳᠬᠢᠯ ᠤᠨ ᠬᠥᠳᠡᠯᠦᠯ ᠪᠣᠯ ᠬᠠᠮᠠᠭᠠᠯᠠᠬᠤ ᠭᠡᠲᠡᠭ ᠨᠢ ᠡᠨᠡ ᠬᠦ ᠰᠡᠳᠬᠢᠯ ᠤᠨ ᠬᠥᠳᠡᠯᠦᠯ ᠠᠴᠠ ᠤᠷᠭᠤᠭᠰᠠᠨ ᠦᠢᠯᠡ ᠠᠵᠢᠯᠯᠠᠭ᠎ᠠ ᠶᠢᠨ ᠢᠯᠡᠷᠡᠯ ᠪᠠᠶᠢᠵᠤ ᠲᠠᠭᠠᠷᠠᠨ᠎ᠠ᠃ ᠡᠶᠢᠨ ᠬᠦ ᠪᠢᠳᠡ ᠵᠢᠵᠢᠭ ᠰᠠᠵᠢᠭ ᠶᠠᠪᠤᠳᠠᠯ ᠠᠴᠠ ᠭᠠᠷᠲᠠᠵᠦ᠂ ᠬᠥᠷᠥᠰᠥ ᠰᠢᠷᠣᠢ ᠶᠢᠨ ᠡᠪᠳᠡᠭᠳᠡᠯ᠂ ᠠᠭᠠᠷ ᠤᠨ ᠪᠣᠬᠢᠷᠳᠤᠯ᠂ ᠠᠭᠤᠷ ᠠᠮᠢᠰᠬᠤᠯ ᠤᠨ ᠬᠤᠪᠢᠷᠠᠯᠲᠠ ᠪᠠ ᠡᠨᠧᠷᠭᠢ ᠶᠢᠨ ᠪᠦᠷᠢᠯᠭᠡᠯᠲᠡ᠂ ᠠᠮᠢᠳᠤ ᠪᠣᠳᠠᠰ ᠤᠨ ᠲᠦᠷᠦᠯ ᠵᠦᠢᠯ ᠪᠠᠭᠠᠰᠬᠤ᠂ ᠲᠠᠯᠠᠢ ᠲᠠᠩᠭᠢᠰ ᠤᠨ ᠪᠣᠬᠢᠷᠳᠤᠯ ᠵᠡᠷᠭᠡ ᠶᠢ  ᠬᠤᠷᠢᠭᠯᠠᠵᠤ᠂ ᠪᠥᠮᠪᠥᠷᠴᠡᠭ ᠢᠶᠠᠨ ᠪᠦᠲᠦᠨ ᠮᠡᠨᠲᠦ ᠪᠠᠷ ᠨᠢ ᠬᠠᠮᠠᠭᠠᠯᠠᠬᠤ ᠬᠡᠷᠡᠭᠲᠡᠢ᠃       ᠠᠮᠢ ᠠᠮᠢᠳᠤᠷᠠᠯ ᠤᠨ ᠠᠯᠲᠠᠨ ᠳᠡᠯᠡᠬᠡᠢ ᠪᠠᠨ ᠠᠯᠠᠭ ᠨᠢᠳᠦ ᠪᠠᠨ ᠰᠢᠭ ᠬᠠᠶᠢᠷᠠᠯᠠᠵᠤ ᠬᠠᠮᠠᠭᠠᠯᠠᠬᠤ ᠪᠣᠯ ᠬᠥᠮᠥᠨ ᠪᠦᠭᠦᠨ ᠤ ᠨᠠᠨᠳᠢᠨ ᠡᠭᠦᠷᠭᠡ ᠲᠠᠷᠬᠠᠨ ᠬᠠᠷᠢᠭᠤᠴᠠᠯᠭ᠎ᠠ ᠪᠤᠯᠬᠤ ᠶᠤᠮ᠃ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ