ᠪᠣᠯᠣᠳ ᠪᠢᠷ
ᠨᠡᠶᠢᠲᠡᠯᠡᠭᠰᠡᠨ ᠴᠠᠭ᠄
2024/4/23
       ᠥᠬᠢᠨ ᠤ ᠮᠢᠨᠢ ᠰᠤᠷᠭᠠᠭᠤᠯᠢ ᠨᠢ ᠴᠤᠭᠯᠠᠬᠤ ᠪᠣᠯᠤᠭᠰᠠᠨ ᠲᠤᠯᠠ ᠲᠡᠭᠦᠨ ᠲᠠᠢ ᠬᠠᠮᠲᠤ ᠨᠣᠮ ᠤᠨ ᠳᠡᠯᠭᠡᠭᠦᠷ ᠢᠶᠠᠷ ᠶᠠᠪᠤᠵᠤ ᠪᠣᠯᠣᠳ ᠪᠢᠷ᠂ ᠬᠠᠷᠠᠨᠳᠠ᠂ ᠱᠤᠭᠤᠮ ᠁ ᠵᠡᠷᠭᠡ ᠪᠢᠴᠢᠭ ᠤᠨ ᠬᠡᠷᠡᠭᠰᠡᠯ ᠤᠳ ᠢ ᠦᠵᠡᠯ᠎ᠡ᠃ ᠤᠳᠤ ᠶᠢᠨ ᠪᠢᠷ ᠪᠡᠬᠡᠰ ᠤᠤᠯ ᠤᠨ ᠬᠢ ᠶᠢ ᠪᠤᠳᠤᠪᠠᠯ ᠪᠦᠷ ᠰᠠᠶᠢᠬᠠᠨ ᠪᠣᠯᠴᠢᠬᠠᠵᠠᠢ᠃ ᠳᠡᠯᠭᠡᠭᠦᠷ ᠤᠨ ᠰᠢᠯᠤᠨ ᠯᠠᠩᠭᠦᠢ ᠳᠤ ᠵᠡᠷᠭᠡᠯᠡᠭᠦᠯᠦᠨ ᠲᠠᠯᠪᠢᠭᠰᠠᠨ ᠥᠩᠭᠡ ᠥᠩᠭᠡ ᠶᠢᠨ ᠪᠣᠯᠣᠳ ᠪᠢᠷ ᠢ ᠬᠠᠷᠠᠭᠠᠳ ᠡᠷᠬᠡ ᠦᠭᠡᠢ ᠪᠠᠭ᠎ᠠ ᠨᠠᠰᠤ ᠪᠠᠨ ᠰᠠᠨᠠᠪᠠ᠃       ᠤᠳᠤ ᠠᠴᠠ ᠭᠤᠴᠢᠨ ᠵᠢᠯ ᠤᠨ ᠡᠮᠦᠨ᠎ᠡ ᠠᠷᠪᠠᠲᠠᠢ ᠪᠢ ᠬᠤᠰᠢᠭᠤᠨ ᠤ ᠨᠢᠭᠡᠳᠦᠭᠡᠷ ᠪᠦᠷᠢᠨ ᠪᠠᠷᠠᠭᠠᠲᠤ ᠳᠡᠯᠭᠡᠭᠦᠷ ᠤᠨ ᠯᠠᠩᠭᠦᠢ ᠪᠠᠷ ᠮᠥᠨ ᠢᠩᠭᠢᠵᠦ ᠱᠣᠬᠤᠭᠤᠷᠬᠠᠨ ᠪᠠᠶᠢᠵᠤ ᠪᠢᠯᠡ᠃ ᠲᠡᠷᠡ ᠦᠶ᠎ᠡ ᠳᠤ ᠪᠣᠯᠣᠳ ᠪᠢᠷ ᠢ ᠮᠥᠨ ᠳᠡᠯᠭᠡᠭᠦᠷ ᠤᠨ ᠯᠠᠩᠭᠦᠢ ᠳᠤ ᠵᠡᠷᠭᠡᠯᠡᠭᠦᠯᠦᠨ ᠲᠠᠯᠪᠢᠳᠠᠭ ᠴᠤ ᠤᠳᠤ ᠶᠢᠨ ᠰᠢᠭ᠋ ᠡᠶᠢᠮᠦ ᠥᠩᠭᠡ ᠢᠯᠭᠠᠷᠠᠮ᠎ᠠ ᠪᠢᠰᠢ᠂ ᠬᠠᠷ᠎ᠠ᠂ ᠨᠣᠭᠤᠭᠠᠨ᠂ ᠴᠠᠭᠠᠨ ᠭᠤᠷᠪᠠᠭ᠋ᠠᠨ ᠥᠩᠭᠡ ᠶᠢᠨ ᠪᠣᠯᠣᠳ ᠪᠢᠷ ᠪᠠᠶᠢᠭᠰᠠᠨ ᠰᠢᠭ᠋ ᠰᠠᠨᠠᠭᠳᠠᠵᠤ ᠪᠠᠶᠢᠨ᠎ᠠ᠃ ᠪᠢ ᠭᠤᠷᠪᠠᠳᠤᠭᠠᠷ ᠣᠨ ᠤ ᠰᠤᠷᠤᠬᠴᠢ ᠪᠣᠯᠤᠭᠰᠠᠨ ᠲᠤᠯᠠ ᠪᠠᠭᠰᠢ ᠪᠣᠯᠣᠳ ᠪᠢᠷ ᠬᠡᠷᠡᠭᠯᠡᠵᠦ ᠪᠣᠯᠣᠨ᠎ᠠ ᠭᠡᠰᠡᠨ᠃ ᠳᠡᠯᠭᠡᠭᠦᠷ ᠤᠨ ᠯᠠᠩᠭᠦᠢ ᠳᠣᠲᠣᠷᠠᠬᠢ ᠰᠤᠷᠤᠬᠴᠢ ᠶᠢᠨ ᠬᠡᠷᠡᠭᠯᠡᠳᠡᠭ ᠪᠣᠯᠣᠳ ᠪᠢᠷ ᠤᠨ ᠣᠯᠠᠩᠬᠢ ᠨᠢ ᠨᠢᠭᠡ ᠲᠥᠭᠦᠷᠢᠭ ᠪᠤᠶᠤ ᠲᠥᠭᠦᠷᠢᠭ ᠲᠠᠪᠢ᠃ ᠪᠢ ᠨᠢᠭᠡ ᠲᠥᠭᠦᠷᠢᠭ ᠭᠠᠷᠭᠠᠵᠤ ᠭᠦᠨ ᠨᠣᠭᠤᠭᠠᠨ ᠥᠩᠭᠡᠲᠡᠢ ᠪᠣᠯᠣᠳ ᠪᠢᠷ ᠠᠴᠠ ᠨᠢᠭᠡ ᠶᠢ ᠠᠪᠴᠤ᠂ ᠬᠥᠬᠡ ᠥᠩᠭᠡᠲᠡᠢ ᠪᠤᠳᠤᠭ ᠠᠴᠠ ᠨᠢᠭᠡ ᠯᠣᠩᠬᠤ ᠠᠪᠤᠪᠠ᠃ ᠮᠠᠨ ᠤ ᠠᠩᠭᠢ ᠶᠢᠨ ᠨᠥᠬᠦᠳ ᠤᠨ ᠣᠯᠠᠩᠬᠢ ᠨᠢ ᠮᠥᠨ ᠨᠠᠳᠠ ᠲᠠᠢ ᠠᠳᠠᠯᠢᠬᠠᠨ ᠪᠣᠯᠣᠳ ᠪᠢᠷ ᠬᠡᠷᠡᠭᠯᠡᠵᠦ ᠡᠬᠢᠯᠡᠭᠰᠡᠨ ᠴᠤ ᠪᠣᠯᠣᠳ ᠪᠢᠷ ᠲᠠᠢ ᠯᠣᠩᠬᠤ ᠲᠠᠢ ᠪᠠᠷᠢᠯᠳᠤᠭᠠᠳ ᠪᠤᠳᠤᠭ ᠢᠶᠠᠨ ᠠᠰᠬᠠᠬᠤ᠂ ᠪᠣᠯᠣᠳ ᠪᠢᠷ ᠤᠨ ᠢᠶᠠᠨ ᠦᠵᠦᠭᠦᠷ ᠢ ᠬᠤᠭᠤᠯᠬᠤ᠂ ᠪᠣᠯᠣᠳ ᠪᠢᠷ ᠢᠶᠠᠨ ᠭᠠᠵᠠᠷ ᠪᠣᠯᠭᠠᠨ ᠳᠤ︽ᠪᠠᠭᠠᠭᠠᠯᠭᠠᠬᠤ︾ ᠵᠡᠷᠭᠡ ᠪᠠᠷ ᠰᠢᠷᠤᠶᠢᠳᠠᠵᠠᠭᠠᠵᠤ ᠪᠠᠶᠢᠪᠠ᠃       ᠣᠯᠳᠠᠭᠰᠠᠨ ᠪᠣᠯᠣᠳ ᠪᠢᠷ ᠮᠢᠨᠢ ᠬᠢᠮᠳᠠᠬᠠᠨ ᠡᠳ᠋ ᠪᠣᠯᠬᠤᠷ ᠪᠢᠴᠢᠵᠦ ᠪᠢᠴᠢᠵᠦ ᠪᠠᠶᠢᠲᠠᠯ᠎ᠠ ᠪᠤᠳᠤᠭ ᠨᠢ ᠪᠠᠷᠠᠴᠢᠬᠠᠭᠠᠳ ᠲᠠᠰᠤᠷᠠᠴᠢᠬᠠᠵᠤ ᠲᠦᠪᠡᠭᠳᠡᠭᠦᠯᠦᠨ᠎ᠡ᠃ ᠠᠩᠬ᠎ᠠ ᠳᠤᠮᠳᠠᠳᠤ ᠳᠤ ᠪᠠᠶᠢᠬᠤ ᠳᠤ ᠰᠢᠷᠡᠭᠡᠨ ᠤ ᠨᠠᠶᠢᠵᠠ ᠮᠢᠨᠢ ᠨᠠᠷᠢᠬᠠᠨ ᠴᠡᠪᠡᠷ ᠭᠠᠷᠳᠠᠭ ᠮᠥᠷᠲᠡᠭᠡᠨ ᠪᠤᠳᠤᠭ ᠨᠢ ᠬᠠᠳᠠᠵᠤ ᠲᠠᠰᠤᠷᠠᠳᠠᠭ ᠦᠭᠡᠢ ᠭᠤᠶᠤ ᠪᠣᠯᠣᠳ ᠪᠢᠷ ᠲᠠᠢ ᠪᠠᠶᠢᠪᠠ᠃ ᠦᠨ᠎ᠡ ᠶᠢ ᠨᠢ ᠰᠤᠷᠠᠪᠠᠯ ᠨᠠᠢᠮᠠᠨ ᠲᠥᠭᠦᠷᠢᠭ ᠭᠡᠵᠦ ᠪᠢᠯᠡ᠃ ᠪᠢ ᠴᠤ ᠲᠡᠶᠢᠮᠦ ᠪᠢᠷ ᠲᠠᠢ ᠪᠤᠯᠬᠤ ᠪᠠᠷ ᠲᠠᠰᠤ ᠰᠢᠢᠳᠴᠦ᠂ ᠦᠳᠡ ᠶᠢᠨ ᠬᠤᠭᠤᠯᠠ᠂ ᠰᠤᠯᠠ ᠵᠠᠷᠤᠳᠠᠯ ᠮᠥᠩᠭᠦ ᠪᠠᠨ ᠠᠷᠪᠢᠯᠠᠭᠰᠠᠭᠠᠷ ᠪᠠᠶᠢᠭᠠᠳ ᠬᠤᠶᠠᠷ ᠰᠠᠷ᠎ᠠ ᠶᠢᠨ ᠳᠠᠷᠠᠭ᠎ᠠ ᠥᠨᠥᠬᠢ ᠪᠢᠷ ᠢ ᠠᠪᠤᠪᠠ᠃ ᠦᠨᠡᠬᠡᠷ ᠨᠠᠷᠢᠨ ᠭᠠᠷᠳᠠᠭ ᠮᠥᠷᠲᠡᠭᠡᠨ ᠪᠤᠳᠤᠭ  ᠨᠢ ᠲᠠᠰᠤᠷᠠᠳᠠᠭ ᠦᠭᠡᠢ - ᠭᠡᠪᠡᠴᠦ ᠪᠢᠴᠢᠭᠰᠡᠨ ᠦᠰᠦᠭ ᠨᠢ ᠪᠠᠰᠠ ᠲᠡᠳᠦᠢ ᠰᠠᠶᠢᠬᠠᠨ ᠬᠠᠷᠠᠭᠳᠠᠭᠰᠠᠨ ᠦᠭᠡᠢ᠃ ᠰᠠᠶᠢᠨ ᠪᠣᠯᠣᠳ ᠪᠢᠷ ᠴᠢᠬᠤᠯᠠ ᠭᠡᠬᠦᠯᠡᠷ ᠰᠠᠶᠢᠬᠠᠨ ᠪᠢᠴᠢᠬᠦ ᠡᠷᠳᠡᠮ ᠨᠡᠩ ᠴᠢᠬᠤᠯᠠ ᠰᠠᠨᠵᠠᠢ᠃       ᠤᠳᠤ ᠪᠤᠳᠤᠬᠤ ᠳᠤ ᠥᠨᠳᠥᠷ ᠳᠤᠮᠳᠠᠳᠤ ᠳᠤ ᠣᠷᠣᠭᠠᠳ ᠡᠨᠡ ᠨᠠᠰᠤᠨ ᠤ ᠪᠠᠨ ᠪᠣᠯᠣᠳ ᠪᠢᠷ ᠢᠶᠠᠷ ᠪᠢᠴᠢᠳᠡᠭ ᠦᠰᠦᠭ ᠤᠨ ᠢᠶᠠᠨ ᠬᠠᠭᠠᠰ ᠢ ᠨᠢ ᠪᠢᠴᠢᠭᠰᠡᠨ ᠪᠠᠶᠢᠵᠤ ᠮᠡᠳᠡᠬᠦ ᠶᠤᠮ᠃ ᠳᠤᠯᠤᠭ᠎ᠠ ᠨᠠᠢᠮᠠᠨ ᠬᠢᠴᠢᠶᠡᠯ ᠲᠥᠷᠥᠯ ᠪᠦᠭᠦᠨ ᠤ ᠲᠡᠮᠳᠡᠭᠯᠡᠯ᠂ ᠳᠠᠰᠬᠠᠯ ᠬᠤᠶᠠᠷ ᠢ ᠪᠦᠷ ᠪᠣᠯᠣᠳ ᠪᠢᠷ ᠢᠶᠠᠷ ᠭᠦᠢᠴᠡᠳᠬᠡᠵᠦ ᠪᠠᠶᠢᠭᠰᠠᠨ ᠪᠥᠭᠡᠳ ᠵᠠᠪ ᠴᠢᠯᠦᠭᠡ ᠪᠠᠷ ᠢᠶᠠᠨ ᠨᠠᠶᠢᠵᠠ ᠨᠥᠬᠦᠳ᠂ ᠠᠪᠤ ᠡᠵᠢ᠂ ᠦᠵᠦᠭ ᠤᠨ ᠨᠠᠶᠢᠵᠠ ᠨᠠᠷ ᠲᠠᠭᠠᠨ ᠵᠠᠬᠢᠳᠠᠯ ᠪᠢᠴᠢᠵᠦ ᠪᠠᠶᠢᠭᠰᠠᠨ᠃ ᠡᠳᠦᠷ ᠪᠣᠯᠭᠠᠨ ᠪᠣᠯᠣᠳ ᠪᠢᠷ ᠠᠴᠠ ᠰᠠᠯᠵᠤ ᠪᠠᠶᠢᠭᠰᠠᠨ ᠦᠭᠡᠢ ᠭᠡᠪᠡᠯ ᠨᠢᠭᠡ ᠯᠡ ᠦᠭᠡ᠃ ᠭᠠᠷ ᠲᠠᠭᠠᠨ ᠳᠠᠭᠠᠷᠠᠬᠰᠠᠨ ᠪᠣᠯᠣᠳ ᠪᠢᠷ ᠣᠯᠣᠭᠠᠳ ᠴᠠᠭᠠᠰᠤᠨ ᠳᠡᠭᠡᠭᠦᠷ ᠳᠠᠪᠬᠢᠭᠤᠯᠬᠤ  ᠨᠢ ᠮᠥᠨ ᠨᠢᠭᠡ ᠶᠣᠰᠣᠨ ᠤ ᠵᠤᠭᠠᠲᠠᠢ ᠶᠠᠪᠤᠳᠠᠯ ᠶᠤᠮ᠃ ᠣᠶᠤᠲᠠᠨ ᠪᠣᠯᠣᠭᠠᠳ ᠬᠠᠷᠢᠨ ᠪᠣᠯᠣᠳ ᠪᠢᠷ ᠢᠶᠠᠷ ᠪᠢᠴᠢᠬᠦ ᠮᠢᠨᠢ ᠴᠥᠭᠡᠷᠡᠵᠡᠢ᠃       ᠠᠵᠢᠯ ᠳᠤ ᠭᠠᠷᠤᠭᠠᠳ ᠪᠣᠯᠣᠳ ᠪᠢᠷ ᠬᠡᠷᠡᠭᠯᠡᠬᠦ ᠮᠢᠨᠢ ᠨᠡᠩ ᠴᠥᠭᠡᠷᠡᠪᠡ᠃ ᠤᠴᠢᠷ ᠨᠢ ᠠᠵᠢᠯ ᠤᠨ ᠢᠶᠠᠨ ᠣᠯᠠᠩᠬᠢ ᠶᠢ ᠨᠢ ᠺᠤᠮᠫᠢᠦ᠋ᠲ᠋ᠧᠷ ᠢᠶᠠᠷ ᠪᠡᠶᠡᠯᠡᠭᠦᠯᠳᠡᠭ᠃ ᠭᠡᠪᠡᠴᠦ ᠪᠢ ᠥᠪᠡᠷ ᠢᠶᠠᠨ ᠪᠣᠯ ᠭᠦᠭᠡᠬᠤᠲᠠ ᠶᠢᠨ ᠰᠣᠶᠣᠯ ᠤᠨ ᠵᠠᠬ᠎ᠠ᠂ ᠥᠪᠥᠷ ᠮᠣᠩᠭᠤᠯ ᠤᠨ ᠶᠡᠭᠡ ᠰᠤᠷᠭᠠᠭᠤᠯᠢ ᠶᠢᠨ ᠵᠡᠭᠦᠨ ᠡᠭᠦᠳᠡᠨ ᠤ ᠲᠡᠨᠳᠡ ᠪᠠᠶᠢᠳᠠᠭ ᠪᠣᠯᠣᠳ ᠪᠢᠷ ᠬᠤᠳᠠᠯᠳᠤᠳᠠᠭ ᠳᠡᠯᠭᠡᠭᠦᠷ ᠢᠶᠠᠷ ᠪᠠᠶᠢᠩᠭᠤ ᠶᠠᠪᠤᠳᠠᠭ᠃ ᠣᠴᠢᠬᠤ ᠪᠣᠯᠭᠠᠨ ᠲᠡᠨᠳᠡᠬᠢ ᠬᠥᠮᠥᠰ ᠲᠠᠢ ᠪᠣᠯᠣᠳ ᠪᠢᠷ ᠤᠨ ᠲᠤᠬᠠᠢ ᠶᠠᠷᠢᠵᠤ᠂ ᠪᠣᠯᠣᠳ ᠪᠢᠷ ᠬᠤᠳᠠᠯᠳᠤᠨ ᠠᠪᠳᠠᠭ᠃ ᠠᠩᠬ᠎ᠠ ᠡᠬᠢᠨ ᠳᠡᠭᠡᠨ︽ᠪᠠᠭᠠᠲᠤᠷ︾ᠲᠡᠮᠳᠡᠭᠲᠦ ᠪᠣᠯᠣᠳ ᠪᠢᠷ ᠰᠢᠨ᠎ᠡ ᠪᠦᠲᠦᠭᠡᠭᠳᠡᠬᠦᠨ ᠭᠠᠷᠪᠠᠯ ᠪᠢᠴᠢᠵᠦ ᠦᠵᠡᠳᠡᠭ ᠪᠥᠭᠡᠳ ᠲᠠᠭᠠᠯᠠᠭᠳᠠᠭᠰᠠᠨ ᠪᠢᠷ ᠢᠶᠠᠨ ᠳᠠᠷᠤᠶᠢᠬᠠᠨ ᠠᠪᠳᠠᠭ᠃ ᠠᠪᠤᠭᠰᠠᠭᠠᠷ ᠪᠠᠶᠢᠲᠠᠯ᠎ᠠ ᠠᠷᠪᠠᠨ ᠬᠡᠳᠦᠨ ᠵᠢᠯ ᠤᠨ ᠲᠤᠷᠰᠢ ᠠᠷᠪᠠᠭᠠᠳ︽ᠪᠠᠭᠠᠲᠤᠷ︾ ᠲᠠᠢ ᠪᠣᠯᠵᠠᠢ᠃ ᠪᠢᠷ ᠲᠠᠢ ᠪᠣᠯᠣᠯ᠎ᠠ ᠭᠡᠳ ᠲᠡᠷᠡ ᠳᠣᠣᠷ᠎ᠠ ᠨᠢ ᠠᠪᠴᠤ ᠬᠡᠷᠡᠭᠯᠡᠭᠡ ᠦᠭᠡᠢ᠂ ᠴᠡᠪᠡᠷᠯᠡᠵᠦ ᠠᠷᠴᠢᠭᠠᠳ ᠬᠤᠷᠭᠤᠨ ᠳᠠᠭᠠᠨ ᠬᠢᠵᠦ ᠬᠠᠳᠠᠭᠠᠯᠠᠳᠠᠭ᠃ ᠭᠠᠷᠠᠭ ᠤᠨ ᠠᠮᠠᠷᠠᠯᠲᠠ ᠪᠤᠶᠤ ᠰᠡᠯᠡᠭᠦᠦ ᠴᠠᠭ ᠢᠶᠠᠷ ᠥᠨᠥᠬᠢ ᠪᠢᠷ ᠤᠳ ᠢᠶᠠᠨ ᠭᠠᠷᠭᠠᠵᠤ ᠦᠵᠡᠨ᠎ᠡ᠂ ᠬᠠᠮᠢᠭ᠎ᠠ ᠠᠴᠠ ᠬᠤᠳᠠᠯᠳᠤᠨ ᠠᠪᠤᠭᠰᠠᠨ ᠵᠡᠷᠭᠡ ᠪᠠᠨ ᠤᠷᠮᠠᠲᠠᠶᠢᠬᠠᠨ ᠡᠷᠭᠢᠴᠡᠭᠦᠯᠦᠨ᠎ᠡ᠃ ᠬᠡᠳᠦᠨ ᠪᠣᠯᠣᠳ ᠪᠢᠷ ᠲᠠᠢ ᠪᠣᠯᠣᠭᠠᠳ ᠥᠪᠡᠷ ᠢ ᠪᠠᠨ︽ᠪᠠᠶᠠᠨ︾ ᠪᠣᠯᠤᠭᠰᠠᠨ ᠢᠶᠠᠷ ᠪᠤᠳᠤᠳᠠᠭ ᠢᠶᠠᠨ ᠦᠵᠡᠬᠦᠯ᠎ᠡ ᠪᠢ ᠮᠥᠨ ᠯᠡ ᠬᠥᠭᠡᠷᠦᠬᠦᠢ ᠪᠢᠴᠢᠭ ᠤᠨ ᠬᠥᠮᠥᠨ ᠠᠵᠤᠭᠤ᠃ ᠰᠡᠭᠦᠯᠡᠷ ᠨᠢ ᠪᠠᠰᠠ ᠠᠮᠧᠷᠢᠺᠠ ᠬᠢᠴᠡᠲᠡᠢ᠂ ᠭᠧᠷᠮᠠᠨ ᠬᠢᠴᠡᠲᠡᠢ᠂ ᠶᠠᠫᠤᠨ ᠬᠢᠴᠡᠲᠡᠢ ᠬᠡᠳᠦᠨ ᠪᠢᠷ ᠢ ᠲᠣᠭᠤᠵᠤ ᠠᠪᠳᠠᠭ ᠪᠣᠯᠪᠠ᠃ ᠭᠡᠬᠦ ᠳᠡᠭᠡᠨ ᠲᠡᠳᠡᠭᠡᠷ ᠪᠣᠯᠣᠳ ᠪᠢᠷ ᠮᠢᠨᠢ ᠠᠯᠲᠠ ᠮᠥᠩᠭᠦ ᠪᠠᠷ ᠬᠢᠭᠰᠡᠨ᠂︽ᠪᠢᠷ︾ ᠭᠡᠬᠦ ᠨᠡᠷ᠎ᠡ ᠠᠴᠠ ᠪᠠᠨ ᠳᠠᠪᠠᠭᠰᠠᠨ ᠶᠠᠭᠤᠮ᠎ᠠ ᠪᠠᠶᠢᠬᠤ ᠦᠭᠡᠢ᠂ ᠪᠦᠷ ᠯᠡ ᠦᠰᠦᠭ ᠪᠢᠴᠢᠬᠦ ᠬᠡᠷᠡᠭᠰᠡᠯ᠃ ᠪᠢ ᠪᠢᠷ ᠢ ᠰᠤᠪᠤᠳ ᠡᠷᠳᠡᠨᠢ ᠰᠢᠭᠢᠳᠬᠡᠨ ᠬᠢᠬᠦ ᠠᠳᠠᠯ ᠳᠤ ᠶᠠᠭ ᠳᠤᠷ᠎ᠠ ᠦᠭᠡᠢ᠂ ᠪᠢᠷ ᠭᠡᠬᠦ ᠨᠡᠷ᠎ᠡ ᠵᠢᠭᠠᠭᠰᠠᠨ ᠵᠦᠢᠯ ᠥᠭᠡᠷ᠎ᠡ ᠶᠠᠭᠤᠮ᠎ᠠ ᠪᠣᠯᠴᠢᠬᠠᠬᠤ ᠪᠠᠷ ᠤᠳᠬ᠎ᠠ ᠤᠷᠠᠯᠢᠭ ᠠᠴᠠ ᠬᠤᠯᠠᠳᠠᠭᠠᠳ ᠠᠯᠲᠠ ᠮᠥᠩᠭᠦ ᠪᠣᠯᠴᠢᠬᠠᠭᠰᠠᠨ ᠮᠡᠲᠦ᠃       ᠪᠢ ᠪᠠᠰᠠ ᠬᠡᠳᠦᠨ ᠨᠠᠶᠢᠵᠠ ᠳᠠᠭᠠᠨ ᠪᠣᠯᠣᠳ ᠪᠢᠷ ᠪᠡᠯᠡᠭᠯᠡᠵᠦ ᠪᠠᠶᠢᠭᠰᠠᠨ᠃ ᠭᠡᠬᠦ ᠳᠡᠭᠡᠨ ᠶᠠᠮᠠᠷ ᠴᠤ ︽ᠡᠷᠳᠡᠨᠢ︾ ᠪᠤᠯᠭᠠᠵᠤ ᠥᠭᠭᠦᠭᠰᠡᠨ ᠦᠭᠡᠢ᠂ ᠭᠠᠷ ᠤᠨ ᠠᠶ᠎ᠠ ᠪᠠᠷ ᠢᠶᠠᠨ ᠪᠢᠴᠢᠳᠡᠭ ᠶᠠᠭᠤᠮ᠎ᠠ ᠪᠠᠨ ᠪᠢᠴᠢᠬᠦ ᠶᠢᠨ ᠡᠷᠬᠡ ᠴᠢᠯᠦᠭᠡ ᠶᠢ ᠡᠳ᠋ᠯᠡᠭᠦᠯᠭᠦ ᠭᠡᠳ ᠳᠡᠭᠡᠭᠰᠡᠨ ᠶᠤᠮ᠃ ᠲᠦᠷᠦᠭᠦᠦ ᠬᠡᠳᠦᠨ ᠡᠳᠦᠷ ᠨᠢᠭᠡ ᠨᠠᠶᠢᠵᠠ  ᠲᠠᠢ ᠪᠠᠨ ᠪᠣᠯᠣᠳ ᠪᠢᠷ ᠤᠨ ᠲᠤᠬᠠᠢ ᠵᠣᠭᠤᠭᠳᠠᠬᠤ ᠳᠤ ᠲᠡᠷᠡ ᠬᠤᠷᠢᠭᠠᠳ ᠵᠢᠯ ᠤᠨ ᠲᠤᠷᠰᠢ ᠭᠠᠭᠴᠠᠬᠠᠨ ᠪᠣᠯᠣᠳ ᠪᠢᠷ ᠢ ᠬᠡᠷᠡᠭᠯᠡᠵᠦ ᠪᠠᠶᠢᠨ᠎ᠠ᠂ ᠭᠠᠷ ᠲᠠᠢ ᠮᠢᠨᠢ ᠭᠠᠷ ᠪᠣᠯᠴᠢᠬᠠᠭᠰᠠᠨ ᠭᠡᠵᠦ ᠪᠢᠯᠡ᠃ ᠪᠣᠯᠣᠳ ᠪᠢᠷ ᠢ ᠬᠡᠷᠡᠭᠯᠡᠬᠦ ᠲᠤᠰᠤᠮ ᠢᠶᠠᠨ ᠭᠠᠷ ᠤᠨ ᠠᠶ᠎ᠠ ᠪᠠᠷ ᠪᠣᠯᠵᠤ ᠢᠷᠡᠳᠡᠭ ᠭᠡᠵᠦ ᠬᠡᠨ ᠨᠢᠭᠡᠨ ᠤ ᠰᠡᠴᠡᠯᠡᠭᠰᠡᠨ ᠨᠢ ᠶᠠᠭ ᠵᠥᠪ ᠠᠵᠢ᠃ ᠭᠡᠪᠡᠴᠦ ᠡᠶᠢᠮᠦ ᠪᠣᠯ ᠡᠨᠡ ᠨᠠᠰᠤᠨ ᠳᠠᠭᠠᠨ ᠬᠡᠳᠦᠬᠡᠨ ᠪᠣᠯᠣᠳ ᠪᠢᠷ ᠡᠳ᠋ᠯᠡᠵᠦ ᠠᠮᠵᠢᠨ᠎ᠠ ᠳ᠋ᠠ ᠭᠡᠵᠦ ᠪᠤᠳᠤᠭᠠᠳ ᠡᠨᠡ ᠶᠠᠪᠤᠭ᠎ᠠ ᠨᠠᠰᠤ ᠪᠠᠨ ᠴᠢᠮᠠᠯᠠᠮᠠᠷ ᠪᠣᠯᠵᠤ ᠪᠢᠯᠡ᠃
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ