ᠪᠦᠬᠡ ᠳᠠᠷᠬᠠᠯᠠᠬᠤ ᠶᠤᠰᠤᠨ
ᠨᠡᠶᠢᠲᠡᠯᠡᠭᠰᠡᠨ ᠴᠠᠭ᠄
2024/4/8
       ᠪᠦᠬᠡ ᠶᠢ ᠵᠠᠪᠠᠯ ᠶᠡᠭᠡ ᠨᠠᠶᠢᠷ ᠳᠡᠭᠡᠷ᠎ᠡ ᠯᠠ ᠠᠷᠠᠳ ᠤᠯᠠᠨ ᠤ ᠬᠢᠨᠢ ᠡᠮᠦᠨ᠎ᠡ ᠬᠤᠤᠰᠯᠠᠬᠤ ᠲᠤᠭ᠎ᠠ ᠪᠠᠷ ᠳᠠᠷᠬᠠᠯᠠᠳᠠᠭ ᠶᠤᠰᠤ ᠵᠢᠷᠦᠮ ᠲᠠᠢ ᠶᠤᠮ᠃ ᠨᠠᠶᠢᠷ ᠤᠨ ᠲᠠᠯ᠎ᠠ ᠶᠢᠨ ᠬᠢᠨ ᠨᠠᠶᠢᠷ ᠲᠤ ᠳᠠᠷᠬᠠᠯᠠᠬᠤ ᠪᠦᠬᠡᠴᠤᠳ ᠢᠶᠠᠨ ᠵᠠᠯᠠᠬᠤ ᠪᠠᠷ ᠬᠦᠷᠬᠦ ᠳᠡᠭᠡᠨ ᠵᠠᠪᠠᠯ ᠬᠠᠳᠠᠭ ᠴᠠᠭᠠᠨ ᠢᠳᠡᠭᠡ ᠲᠠᠢ ᠬᠦᠷᠴᠦ᠂ ᠴᠠᠭᠠᠨ ᠬᠠᠳᠠᠭ ᠲᠠᠢ ᠴᠠᠭᠠᠨ ᠢᠳᠡᠭᠡ ᠪᠠᠨ ᠲᠠᠯᠪᠢᠨ ᠳᠠᠷᠬᠠᠯᠠᠬᠤ ᠤᠴᠢᠷ ᠢᠶᠠᠨ ᠬᠡᠯᠡᠳᠡᠭ᠂ ᠳᠠᠷᠬᠠᠯᠠᠬᠳᠠᠬᠤ ᠪᠦᠬᠡ ᠨᠢ ᠲᠤᠷᠠᠲᠠᠢ ᠪᠤᠯ ᠴᠠᠭᠠᠨ ᠢᠳᠡᠭᠡᠨ ᠠᠴᠠ ᠠᠮᠰᠠᠵᠦ᠂ ᠬᠠᠳᠠᠭ ᠢ ᠨᠢ ᠲᠤᠰᠳᠠᠭ᠂ ᠲᠤᠷ᠎ᠡ ᠦᠭᠡᠢ ᠪᠤᠯ ᠴᠠᠭᠠᠨ ᠢᠳᠡᠭᠡ ᠶᠢ ᠨᠢ ᠠᠮᠰᠠᠭᠠᠳ ᠪᠤᠴᠠᠭᠠᠵᠦ ᠪᠠᠷᠢᠳᠠᠭ ᠶᠤᠮ ᠭᠡᠨ᠎ᠡ᠃       ᠳᠠᠷᠬᠠᠯᠠᠬᠳᠠᠬᠤ ᠪᠤᠯᠤᠭᠰᠠᠨ ᠪᠦᠬᠡ ᠵᠠᠩᠬᠢᠶ᠎ᠠ ᠶᠠᠬᠦᠯᠡᠬᠦ ᠵᠠᠯᠠᠭᠤ ᠪᠦᠬᠡ ᠪᠠᠨ ᠦᠪᠡᠷ ᠢᠶᠠᠨ ᠰᠤᠩᠭᠤᠵᠦ ᠲᠤᠭᠳᠠᠭᠠᠭᠠᠳ ᠨᠠᠶᠢᠷ ᠪᠤᠯᠬᠤ ᠠᠴᠠ ᠡᠮᠦᠨ᠎ᠡ ᠬᠡᠯᠡᠯᠴᠡᠵᠦ ᠤᠯᠤᠯᠴᠠᠳᠠᠭ ᠵᠢᠮ᠎ᠠ ᠲᠠᠢ᠃ ᠨᠠᠶᠢᠷ ᠳᠡᠭᠡᠷ᠎ᠡ ᠪᠠᠨ ᠶᠡᠷᠦᠨᠢ ᠪᠦᠬᠡ ᠶᠢᠨ ᠪᠠᠷᠢᠯᠳᠤᠭᠠᠨ ᠠᠴᠠ ᠪᠠᠨ ᠡᠮᠦᠨᠡᠬᠡᠨ ᠪᠦᠬᠡ ᠪᠠᠨ ᠳᠠᠷᠬᠠᠯᠠᠳᠠᠭ ᠵᠢᠷᠦᠮ ᠲᠠᠢ᠃ ᠬᠠᠮᠤᠭ ᠰᠡᠭᠦᠯ ᠤᠨ ᠪᠠᠷᠢᠯᠳᠤᠭᠠᠨ ᠢᠶᠠᠨ ᠬᠢᠬᠦ ᠭᠡᠵᠤ ᠪᠠᠶᠢᠭ᠎ᠠ ᠳᠠᠷᠬᠠᠯᠠᠬᠳᠠᠬᠤ ᠪᠦᠬᠡᠴᠤᠳ ᠨᠠᠶᠢᠷ ᠤᠨ ᠭᠠᠷᠤᠭ᠎ᠠ ᠶᠤᠰᠤᠭᠠᠷ ᠭᠤᠷᠪᠠᠨ ᠲᠠᠭᠤ ᠪᠠᠷ ᠭᠠᠷᠴᠦ ᠬᠠᠷᠢᠯᠴᠠᠨ ᠪᠠᠷᠢᠯᠳᠤᠵᠦ ᠵᠠᠩ ᠵᠢᠷᠦᠮ ᠶᠤᠰᠤᠭᠠᠷ ᠢᠶᠠᠨ ᠬᠠᠶᠢᠨ ᠲᠤᠰᠴᠤ ᠪᠤᠰᠤᠮᠠᠬᠴᠠ ᠪᠠᠨ ᠵᠠᠩᠬᠢᠶ᠎ᠠ ᠪᠠᠨ ᠶᠡᠭᠦᠯᠡᠬᠦ ᠵᠠᠯᠠᠭᠤ ᠳᠠᠭᠠᠨ ᠦᠭᠳᠡᠭ᠃ ᠵᠠᠩᠬᠢᠶ᠎ᠠ ᠶᠢ ᠨᠢ ᠠᠪᠤᠭᠰᠠᠨ ᠵᠠᠯᠠᠭᠤ ᠪᠦᠬᠡ ᠪᠠᠷᠢᠨ ᠲᠤᠤᠷ᠎ᠠ ᠨᠢ ᠬᠤᠶᠢᠰᠢ ᠪᠠᠨ ᠬᠠᠨᠳᠤᠵᠦ ᠲᠠᠯᠢᠵᠦ ᠭᠦᠶᠦᠭᠡᠳ ᠮᠦᠷᠭᠦᠭᠰᠡᠨ ᠢᠶᠠᠨ ᠪᠤᠴᠠᠨ ᠢᠷᠡᠵᠦ ᠵᠠᠩᠬᠢᠶ᠎ᠠ ᠪᠠᠨ ᠶᠡᠭᠦᠯᠡᠭᠰᠡᠨ ᠳᠠᠷᠬᠠᠨ ᠪᠦᠬᠡ ᠶᠢᠨ ᠢᠶᠠᠨ ᠲᠤᠬᠤᠢ ᠶᠢ ᠨᠢ ᠲᠦᠰᠢᠵᠦ ᠨᠠᠶᠢᠷ ᠤᠨ ᠬᠦᠷᠢᠶᠡᠨ ᠠᠴᠠ ᠭᠠᠷᠳᠠᠭ᠃       ᠳᠠᠷᠬᠠᠨ ᠪᠦᠬᠡ ᠨᠠᠶᠢᠷ ᠤᠨ ᠬᠦᠷᠢᠶᠡᠨ ᠠᠴᠠ ᠭᠦᠶᠦᠵᠦ ᠭᠠᠷᠴᠤ ᠪᠤᠯᠳᠠᠭ ᠦᠭᠡᠢ ᠵᠢᠷᠦᠮ ᠪᠤᠢ᠃ ︵ᠡᠨᠡ ᠲᠦᠷᠦᠯ ᠤᠨ ᠢᠶᠠᠨ ᠪᠦᠬᠡ ᠶᠢᠨ ᠬᠡᠶᠢᠮᠦᠷᠢ ᠶᠢ ᠨᠠᠶᠢᠷ ᠤᠨ ᠲᠠᠯᠠᠪᠠᠢ ᠳᠠᠭᠠᠨ ᠦᠯᠡᠳᠡᠭᠡᠨ᠎ᠡ ᠭᠡᠰᠡᠨ ᠪᠡᠯᠭᠡᠳᠡᠯ︶ ᠡᠨᠡ ᠦᠶ᠎ᠡ ᠳᠤ ᠨᠠᠶᠢᠷ ᠤᠨ ᠭᠤᠤᠯ ᠲᠠᠲᠠᠩ ᠠᠴᠠ ᠲᠠᠬᠢᠨ ᠲᠠᠭᠤᠳᠠᠵᠦ ᠭᠤᠤᠯ ᠲᠠᠲᠠᠩ ᠤᠨ ᠡᠮᠦᠨ᠎ᠡ ᠠᠪᠴᠢᠷᠠᠭᠠᠳ ᠳᠠᠷᠬᠠᠨ ᠪᠦᠬᠡ ᠶᠢᠨ ᠴᠤᠯᠨ ᠶᠢ ᠨᠢ ᠲᠠᠭᠤᠳᠠᠵᠦ ᠬᠤᠷᠦ᠋ᠢᠯᠠᠬᠤ ᠦᠶ᠎ᠡ ᠳᠤ ᠪᠦᠬᠦ ᠨᠠᠶᠢᠷ ᠤᠨ ᠬᠦᠷᠢᠶᠡᠨ ᠤ ᠦᠵᠡᠭᠴᠢᠳ ᠲᠠᠭᠠᠵᠦ ᠬᠤᠷᠦ᠋ᠢᠯᠠᠳᠠᠭ ᠶᠤᠰᠤᠨ ᠪᠤᠢ᠃ ᠳᠠᠷᠠᠭ᠎ᠠ ᠨᠢ ᠱᠠᠩᠨᠠᠯ ᠢ ᠨᠢ ᠭᠠᠷᠳᠠᠭᠤᠯᠳᠠᠭ᠂ ᠡᠨᠡᠬᠦ ᠪᠦᠬᠦ ᠶᠠᠪᠤᠴᠠᠨ ᠳᠤ ᠵᠠᠩᠬᠢᠶ᠎ᠠ ᠶᠢ ᠨᠢ ᠶᠡᠬᠦᠯᠡᠵᠦ ᠠᠪᠬᠤ ᠵᠠᠯᠠᠭᠤ ᠪᠦᠬᠡ ᠳᠠᠷᠬᠠᠨ ᠪᠦᠬᠡ ᠶᠢ ᠲᠠᠭᠠᠨ ᠶᠠᠪᠤᠵᠦ ᠬᠠᠮᠵᠢᠯᠴᠠᠵᠦ ᠵᠤᠳᠤᠭ ᠲᠤᠤᠰᠢᠤ ᠶᠢ ᠨᠢ ᠲᠠᠶᠢᠯᠠᠭᠤᠯᠤᠨ ᠡᠪᠬᠡᠵᠦ ᠬᠤᠷᠢᠶᠠᠵᠦ ᠦᠭᠳᠡᠭ᠃       ᠵ᠊ ᠵᠮᠪᠠᠵᠠᠮᠰᠤ ᠪᠠᠭᠰᠢ ᠶᠢᠨ ︽ᠳᠠᠷᠬᠠᠨ ᠪᠦᠬᠡ ᠶᠢᠨ ᠴᠤᠯᠨ︾        ᠳᠡᠯᠭᠡᠷ ᠪᠠᠶᠠᠨ ᠬᠦᠷᠦᠩᠭᠡ ᠲᠠᠢ       ᠳᠡᠭᠵᠢᠷᠠᠨ ᠮᠠᠨᠳᠤᠭᠰᠠᠨ ᠠᠮᠢᠳᠤᠷᠠᠯ ᠲᠠᠢ       ᠠᠷᠠᠳ ᠳᠠᠶᠠᠭᠠᠷ ᠡᠩᠬᠡ       ᠠᠰᠢᠲᠠ ᠶᠢᠨ ᠵᠢᠷᠭᠠᠯ ᠮᠦᠩᠬᠡ       ᠡᠨᠡ ᠰᠠᠶᠢᠬᠠᠨ ᠨᠤᠳᠤᠭ ᠲᠤ       ᠡᠷᠬᠡ ᠴᠢᠯᠦᠭᠡᠲᠤ ᠤᠷᠤᠨ ᠳᠤ       ᠡᠷ᠎ᠡ ᠶᠢᠨ ᠭᠤᠷᠪᠠᠨ ᠨᠠᠭᠠᠳᠤᠮ ᠤᠨ       ᠡᠰᠨᠢᠬᠦ ᠨᠠᠶᠢᠷ ᠤᠨ ᠡᠬᠢᠨ ᠳᠤ       ᠠᠯᠳᠠᠷ ᠢ ᠨᠢ ᠦᠨᠢᠳᠡ ᠲᠣᠷᠠᠰᠬᠠᠵᠣ       ᠠᠯᠲᠠᠨ ᠬᠠᠭᠤᠳᠠᠰᠤᠨ ᠳᠤ ᠳᠡᠮᠳᠡᠭᠯᠡᠬᠦᠰᠢᠲᠡᠢ       ᠠᠬᠠᠮᠠᠳ ᠤᠯᠠᠨ ᠪᠦᠬᠡ ᠶᠢ       ᠠᠶᠠᠷᠯᠠᠨ ᠤᠷᠢᠵᠦ ᠭᠠᠷᠭᠠᠭᠠᠳ       ᠨᠠᠶᠢᠷ ᠤᠨ ᠵᠢᠷᠦᠮ ᠤᠨ ᠲᠠᠭᠠᠭᠤᠯᠵᠣ       ᠨᠠᠭᠠᠳᠤᠮ ᠤᠨ ᠶᠤᠰᠤ ᠶᠢ ᠪᠠᠷᠢᠮᠳᠠᠯᠠᠵᠦ       ᠳᠠᠩᠰᠠᠨ ᠳᠤ ᠠᠯᠳᠠᠷ ᠢ ᠨᠢ ᠪᠢᠴᠢᠵᠦ       ᠳᠠᠷᠬᠠᠨ ᠴᠤᠯᠨ ᠶᠢ ᠤᠯᠭᠤᠬᠤ ᠶᠢ       ᠠᠷᠠᠳ ᠨᠢ ᠲᠡᠭᠡᠵᠦ ᠱᠠᠭᠠᠷᠳᠠᠭᠰᠠᠨ ᠶᠤᠮ       ᠵᠠᠰᠠᠭ ᠨᠢ ᠢᠩᠬᠢᠵᠦ ᠲᠤᠭᠳᠠᠭᠰᠠᠨ ᠶᠤᠮ       ᠠᠷᠠᠳ ᠵᠠᠰᠠᠭ ᠤᠨ ᠲᠤᠭᠲᠠᠭᠠᠯ ᠢ ᠵᠠᠷᠯᠠᠵᠦ       ᠠᠳᠡ ᠠᠴᠠ ᠮᠡᠳᠡᠭᠦᠯᠦᠶ᠎ᠡ       ᠡᠷᠬᠢᠮ ᠠᠯᠳᠠᠷ ᠴᠤᠤᠲᠠᠨ       ᠡᠷ᠎ᠡ ᠶᠢᠨ ᠮᠠᠩᠯᠠᠢ ᠪᠦᠬᠡ ᠶᠢ ᠪᠠᠨ       ᠡᠴᠢᠭᠡ ᠳᠡᠭᠡᠳᠤᠰ ᠤᠨ ᠤᠯᠠᠮᠵᠢᠯᠠᠯ ᠢᠶᠠᠷ       ᠡᠩᠬᠡ ᠳᠠᠷᠬᠠᠯᠠᠨ ᠴᠣᠯᠠᠯᠵᠣ       ᠠᠷᠢᠭᠤᠨ ᠮᠤᠩᠭᠤᠯ ᠲᠡᠤᠬᠡ ᠶᠢᠨ       ᠠᠯᠲᠠᠨ ᠬᠠᠭᠤᠳᠠᠰᠤᠨ ᠳᠤ ᠳᠡᠮᠳᠡᠭᠯᠡᠶ᠎ᠡ       ᠠᠯᠳᠠᠷ ᠴᠤᠯᠨ ᠶᠢ ᠨᠢ ᠲᠠᠭᠤᠲᠠᠵᠦ       ᠠᠮᠠᠨ ᠢᠷᠦᠭᠡᠯ ᠢᠶᠠᠨ ᠳᠡᠪᠰᠢᠬᠦᠯᠦᠶ᠎ᠡ       ᠨᠠᠶᠢᠷ ᠪᠤᠯᠭᠠᠨ ᠴᠢᠮᠡᠭ ᠲᠠᠢ       ᠨᠠᠶᠠᠨ ᠨᠢᠭᠡ ᠶᠢᠨ ᠱᠠᠩ ᠲᠠᠢ       ᠶᠡᠷᠦ ᠶᠢᠨ ᠴᠠᠭ ᠲᠠᠭᠠᠨ ᠰᠤᠷᠢᠶ᠎ᠠ ᠲᠠᠢ       ᠶᠢᠰᠤ ᠶᠢᠰᠤ ᠶᠢᠨ ᠪᠡᠯᠡᠭ ᠲᠠᠢ       ᠰᠤᠷᠯᠠᠬᠤ ᠭᠠᠯ ᠰᠢᠭ ᠵᠠᠩᠬᠢᠶ᠎ᠠ ᠨᠢ       ᠬᠡᠶᠢᠮᠦᠷᠢ ᠰᠡᠷᠬᠦᠬᠡᠨ ᠰᠤᠭᠰᠠᠯᠵᠠᠵᠦ       ᠰᠤᠯᠤᠩᠭ᠎ᠠ ᠶᠢᠨ ᠮᠦᠩᠭᠡᠲᠤ ᠲᠤᠤᠰᠢᠤ ᠨᠢ       ᠡᠪᠦᠳᠦᠭ ᠪᠦᠷᠬᠦᠨ ᠮᠢᠷᠠᠯᠵᠠᠵᠦ       ᠭᠠᠷᠢᠮ᠎ᠡ ᠰᠢᠷᠢᠨ ᠭᠤᠳᠤᠯ       ᠭᠠᠩ ᠬᠤᠶᠠᠭ ᠤᠨ ᠵᠤᠳᠤᠭ       ᠭᠠᠷᠤᠲᠠᠢ ᠰᠢᠪᠡᠭᠤᠨ ᠤ ᠲᠠᠪᠢᠯᠳᠡ       ᠭᠠᠯᠵᠠᠭᠤ ᠪᠠᠷᠰ ᠤᠨ ᠳᠡᠯᠢᠯᠳᠡ       ᠬᠠᠮᠢᠭᠠᠬᠢ ᠶᠢᠨ ᠨᠠᠶᠢᠷ ᠲᠤ ᠴᠤ ᠬᠦᠷᠴᠢᠬᠡᠨ᠎ᠡ       ᠬᠠᠳᠠᠭᠤ ᠰᠢᠷᠦᠬᠦᠨ ᠲᠠᠢ ᠦᠵᠡᠯᠴᠡᠴᠢᠬᠡᠨ᠎ᠡ       ᠲᠠᠨᠢᠬᠤ᠂ ᠲᠠᠨᠢᠬᠤ ᠦᠭᠡᠢ ᠲᠠᠭᠠᠷᠠᠴᠢᠬᠠᠨ᠎ᠠ       ᠲᠠᠯ᠎ᠠ ᠲᠠᠢ᠂ ᠲᠠᠯ᠎ᠠ ᠦᠭᠡᠢ ᠬᠠᠷᠭᠤᠴᠢᠬᠠᠨ᠎ᠠ       ᠬᠠᠷ᠎ᠠ ᠲᠠᠢ ᠪᠤᠷᠤ ᠲᠠᠢ ᠦᠵᠡᠯᠴᠡᠬᠦ       ᠬᠠᠷᠢ ᠬᠦᠨᠳᠡᠯᠡᠨ ᠬᠤᠰᠢᠭᠤᠨ ᠳᠤ       ᠬᠠᠷ᠎ᠠ ᠲᠠᠢ ᠯᠠᠮ᠎ᠠ ᠲᠠᠢ ᠲᠠᠭᠠᠷᠠᠯᠴᠠᠬᠤ       ᠪᠢᠷ᠎ᠠ ᠰᠢᠯᠭᠠᠬᠤ ᠭᠠᠵᠠᠷ ᠲᠤ       ᠴᠤᠬᠢᠯᠡᠵᠦ ᠪᠠᠶᠢᠭᠠᠳ ᠠᠪᠴᠢᠬᠠᠳᠠᠭ       ᠴᠤᠤᠲᠠᠢ ᠴᠦ ᠤᠯᠤᠰ ᠪᠠᠶᠢᠯ᠎ᠠ       ᠠᠮᠠᠯᠠᠵᠦ ᠪᠠᠶᠢᠭᠠᠳ ᠬᠠᠶᠠᠴᠢᠬᠠᠳᠠᠭ       ᠤᠳᠤ ᠲᠠᠢ ᠴᠦ ᠪᠦᠬᠡᠴᠤᠳ ᠪᠠᠶᠢᠯ᠎ᠠ       ᠢᠨᠠᠭ ᠤᠶᠢᠷ᠎ᠠ ᠰᠠᠳᠤᠨ ᠳᠠᠭᠠᠨ       ᠢᠯᠳᠡᠷ ᠬᠠᠶᠠᠭᠰᠠᠨ ᠤᠳᠠᠭ᠎ᠠ ᠴᠦ ᠪᠤᠢ       ᠶᠠᠭᠠᠬᠢᠬᠤ ᠶᠢᠨ ᠠᠷᠭ᠎ᠠ ᠦᠭᠡᠢ ᠨᠦᠬᠦᠳ ᠲᠡᠭᠡᠨ       ᠶᠠᠩ ᠲᠠᠯᠪᠢᠬᠰᠠᠨ ᠤᠳᠠᠭ᠎ᠠ ᠴᠦ ᠪᠤᠢ       ᠬᠠᠨᠴᠢᠨ ᠪᠤᠯᠠᠭᠠᠷᠢ ᠭᠤᠳᠤᠯ ᠢ ᠬᠠᠭᠵᠢᠯᠠᠵᠦ       ᠬᠡᠳᠦᠢ ᠴᠦ ᠬᠠᠶᠠᠬᠰᠠᠨ ᠪᠤᠯ       ᠬᠠᠨᠳᠠᠭᠠᠢ ᠶᠢᠨ ᠠᠷᠠᠰᠤᠨ ᠵᠤᠳᠤᠭ ᠢ       ᠦᠯᠳᠡᠯᠡᠵᠦ ᠬᠡᠳᠦᠢ ᠶᠢ ᠴᠦ ᠪᠠᠷᠠᠭᠰᠠᠨ ᠪᠤᠯ       ᠵᠠᠯᠠᠭᠤ ᠢᠳᠡᠷ ᠨᠠᠰᠤᠨ ᠳᠠᠭᠠᠨ ᠲᠠᠭᠤᠲᠠᠭᠤᠯᠵᠦ ᠶᠠᠪᠤᠭᠰᠠᠨ       ᠠᠯᠳᠠᠷ ᠲᠠᠢ ᠵᠠᠭᠠᠯ ᠪᠣᠭᠤᠷᠣᠯ ᠪᠤᠯᠬᠤ ᠳᠠᠭᠠᠨ       ᠳᠠᠭᠤᠷᠢᠰᠣᠭᠤᠯᠵᠣ ᠶᠠᠪᠤᠬᠤ ᠲᠡᠤᠬᠡ ᠲᠠᠢ       ᠴᠤᠤ ᠲᠠᠢ ᠠᠬᠠᠮᠠᠳ ᠪᠦᠬᠡ ᠶᠢᠨ ᠢᠶᠠᠨ       ᠲᠠᠭᠤᠤ ᠲᠠᠢ ᠶᠠᠪᠤᠭᠰᠠᠨ ᠲᠠᠨᠠᠷ ᠤᠨ ᠢᠶᠠᠨ       ᠴᠤᠯᠨ ᠶᠢ ᠨᠢ ᠮᠦᠩᠬᠡ ᠲᠠᠭᠤᠳᠠᠵᠦ       ᠴᠤᠭᠴᠠᠰ ᠢ ᠨᠢ ᠡᠩᠬᠡ ᠳᠠᠷᠬᠠᠯᠠᠶ᠎ᠠ       ᠵᠠᠩᠬᠢᠶ᠎ᠠ ᠶᠢᠨ ᠬᠢᠨ ᠴᠠᠴᠤᠭ ᠨᠢ       ᠭᠠᠯ ᠤᠨ ᠰᠤᠷ ᠰᠢᠭ ᠪᠠᠳᠠᠷᠠᠭ       ᠵᠠᠯᠭᠠᠵᠦ ᠠᠪᠬᠤ ᠬᠡᠤᠬᠡᠳ ᠤᠳ ᠨᠢ       ᠭᠠᠯᠵᠠᠭᠤ ᠪᠠᠷᠰ ᠰᠢᠭ ᠲᠤᠭᠯᠠᠭ       ᠠᠬᠠᠮᠠᠳ ᠪᠦᠬᠡ ᠶᠢᠨ ᠬᠦᠯᠦᠰᠤ       ᠠᠷᠤ ᠵᠤ ᠳᠤᠨᠢ ᠰᠢᠩᠭᠡᠭ       ᠠᠷᠪᠢᠨ ᠵᠦᠢᠯ ᠤᠨ ᠡᠷᠳᠡᠮ       ᠠᠪᠤᠷᠭᠤ ᠪᠡᠶ᠎ᠡ ᠳᠤᠨᠢ ᠪᠦᠷᠢᠳᠦᠭ       ᠳᠠᠷᠬᠠᠨ ᠪᠦᠬᠡ ᠶᠢᠨ ᠤᠳᠤᠮ ᠢ       ᠲᠠᠯᠠᠯᠭ᠎ᠠ ᠪᠠᠷ ᠢᠶᠠᠨ ᠬᠤᠷᠦ᠋ᠢᠯᠠᠶ᠎ᠠ       ᠬᠡᠶᠢᠮᠦᠷᠢᠳᠤ ᠡᠷ᠎ᠡ ᠶᠢᠨ ᠰᠦᠯᠳᠡ ᠶᠢ       ᠭᠡᠰᠢᠭ ᠪᠤᠶᠠᠨ ᠢᠶᠠᠷ ᠢᠶᠠᠨ ᠲᠠᠭᠤᠳᠠᠶ᠎ᠠ       ᠡᠷ᠎ᠡ ᠶᠢᠨ ᠰᠠᠶᠢᠨ ᠪᠦᠬᠡ ᠶᠢᠨ       ᠮᠠᠩᠯᠠᠢ ᠡᠨᠡ ᠨᠤᠳᠤᠭ ᠲᠤ ᠳᠡᠯᠭᠡᠷᠡᠬᠦ ᠪᠤᠯᠳᠤᠭᠠᠢ︕       ᠬᠤᠷᠤᠢ ᠬᠤᠷᠤᠢ ᠬᠤᠷᠤᠢ ᠁
ᠢᠷᠡᠯᠲᠡ᠄ ᠰᠢᠯᠢ ᠶᠢᠨ ᠭᠤᠤᠯ ᠠᠶᠢᠮᠠᠭ ᠤᠨ ᠵᠠᠰᠠᠭ ᠤᠨ ᠶᠠᠪᠤᠳᠠᠯ ᠤᠨ ᠮᠤᠩᠭᠤᠯ ᠰᠦᠯᠵᠢᠶ᠎ᠡ