ᠲᠡᠮᠦᠷ ᠵᠠᠮ ᠤᠨ 12306 App ᠳᠡᠭᠡᠷ᠎ᠡ ᠠᠴᠠ ᠪᠠ ᠰᠦᠯᠵᠢᠶᠡᠨ ᠳᠡᠭᠡᠷ᠎ᠡ ᠠᠴᠠ ᠪᠢᠯᠧᠲ ᠬᠤᠳᠠᠯᠳᠤᠨ ᠠᠪᠤᠪᠠᠯ ︽ᠨᠠᠮ ᠵᠢᠮ︾᠂ ︽ᠰᠣᠯᠢᠬᠤ︾᠂ | ︽ᠤᠷᠤ︾ ᠭᠡᠬᠦ ᠢᠯᠡᠷᠭᠡᠶᠢᠯᠡᠯ ᠲᠡᠮᠳᠡᠭ ᠲᠠᠢ ᠭᠠᠯᠲᠤ ᠲᠡᠷᠭᠡ ᠬᠠᠷᠠᠭᠳᠠᠳᠠᠭ᠃ | ︽ᠨᠠᠮ ᠵᠢᠮ︾ ᠭᠡᠳᠡᠭ ᠨᠢ ᠳᠠᠭᠤ ᠭᠠᠷᠬᠤ ᠦᠭᠡᠢ ᠸᠠᠭᠤᠨ ᠪᠦᠬᠦᠢ ᠭᠠᠯᠳᠤ ᠲᠡᠷᠭᠡ ᠶᠢ ᠵᠢᠭᠠᠵᠤ ᠪᠠᠶᠢᠨ᠎ᠠ᠃ ᠲᠠᠨᠢᠯᠴᠠᠭᠤᠯᠤᠭᠰᠠᠨ ᠢᠶᠠᠷ᠂ ᠨᠠᠮ ᠲᠠᠭᠤ | ᠪᠦᠬᠦᠢ ᠸᠠᠭᠤᠨ ᠳᠤ᠂ ᠠᠶᠠᠨᠴᠢᠳ ᠡᠷᠬᠡᠪᠰᠢ ᠨᠠᠮ ᠵᠢᠮ ᠪᠠᠶᠢᠬᠤ ᠪᠣᠯᠵᠤᠭ᠎ᠠ ᠶᠢ ᠵᠢᠷᠤᠮᠯᠠᠬᠤ ᠬᠡᠷᠡᠭᠲᠡᠶ᠂ ᠳᠤᠮᠳᠠᠳᠤ ᠤᠯᠤᠰ ᠤᠨ ᠲᠡᠮᠦᠷ ᠵᠠᠮ ᠤᠨ ᠸᠢᠴᠠᠲ ᠤᠨ | ᠣᠯᠠᠨ ᠨᠡᠶᠢᠲᠡ ᠶᠢᠨ ᠳ᠋ᠤᠭᠠᠷ ᠤᠨ ᠬᠢᠨ ᠬᠡᠯᠡᠬᠦ ᠳᠡᠭᠡᠨ᠂ ᠠᠶᠠᠨᠴᠢᠳ ᠨᠠᠮ ᠲᠠᠭᠤ ᠪᠦᠬᠦᠢ ᠸᠠᠭᠤᠨ ᠳᠤ ᠨᠠᠮ ᠵᠢᠮ ᠪᠠᠶᠢᠵᠤ᠂ ᠡᠯ᠎ᠡ ᠲᠥᠷᠥᠯ ᠤᠨ ᠡᠯᠧᠺᠲᠷᠣᠨ | ᠲᠥᠬᠦᠭᠡᠷᠦᠮᠵᠢ ᠬᠡᠷᠡᠭᠯᠡᠬᠦ ᠦᠶ᠎ᠡ ᠳᠤ ᠴᠢᠬᠢᠪᠴᠢ ᠵᠡᠭᠦᠬᠦ ᠪᠤᠶᠤ ᠲᠠᠭᠤᠨ ᠡᠭᠦᠰᠭᠡᠭᠴᠢ ᠶᠢᠨ ᠲᠠᠭᠤ ᠶᠢ ᠬᠠᠭᠠᠵᠤ᠂ ᠭᠠᠷ ᠤᠲᠠᠰᠤ ᠪᠠᠨ ᠨᠠᠮ ᠲᠠᠭᠤᠨ ᠪᠤᠶᠤ | ᠳᠣᠷᠭᠢᠯᠲᠠ ᠶᠢᠨ ᠲᠠᠭᠤᠨ ᠲᠡᠭᠡᠷ᠎ᠡ ᠲᠠᠯᠪᠢᠬᠤ ᠶᠢ ᠰᠠᠨᠠᠭᠤᠯᠳᠠᠭ︔ ᠤᠲᠠᠰᠤ ᠲᠣᠰᠬᠤ ᠪᠤᠶᠤ ᠬᠠᠷᠢᠯᠴᠠᠨ ᠶᠠᠷᠢᠯᠴᠠᠬᠤ ᠦᠶᠡᠰ ᠨᠠᠮ ᠳᠠᠭᠤ ᠪᠦᠬᠦᠢ ᠸᠠᠭᠤᠨ ᠠᠴᠠ | ᠪᠠᠨ ᠭᠠᠷᠬᠤ ᠭᠡᠷᠡᠭᠳᠡᠢ︔ ᠬᠡᠦᠬᠡᠳ ᠢ ᠳᠠᠭᠠᠭᠤᠯᠤᠨ ᠭᠠᠳᠠᠭᠰᠢ ᠭᠠᠷᠴᠤ ᠪᠠᠶᠢᠭ᠎ᠠ ᠠᠶᠠᠨᠴᠢᠳ ᠭᠡᠦᠭᠡᠳ ᠢᠶᠠᠨ ᠰᠠᠶᠢᠳᠤᠷ ᠬᠠᠷᠠᠵᠤ᠂ ᠶᠡᠭᠡ ᠳᠠᠭᠤᠨ ᠢᠶᠠᠷ | ᠦᠢᠮᠡᠯᠳᠦᠬᠦ ᠠᠴᠠ ᠵᠠᠶᠢᠯᠠᠰᠬᠢᠬᠦ ᠬᠡᠷᠡᠭᠲᠡᠶ ᠬᠡᠪᠡ᠃ | ︽ᠰᠣᠯᠢᠬᠤ︾ ᠭᠡᠳᠡᠭ ᠨᠢ ᠬᠤᠪᠢ ᠬᠤᠷᠠᠮᠳᠤᠭᠤᠯᠵᠤ ᠲᠡᠷᠭᠡᠨ ᠪᠢᠯᠧᠲ ᠰᠣᠯᠢᠬᠤ ᠶᠢ ᠵᠥᠪᠰᠢᠶᠡᠷᠡᠬᠦ ᠭᠠᠯᠳᠤ ᠲᠡᠷᠭᠡ ᠶᠢ ᠵᠢᠭᠠᠵᠤ ᠪᠠᠶᠢᠨ᠎ᠠ᠃ ︽ᠲᠡᠮᠦᠷ | ᠵᠠᠮ ᠤᠨ ᠰᠠᠭᠠᠳ ᠦᠭᠡᠶ ᠨᠡᠪᠲᠡᠷᠡᠯᠭᠡ︾ ᠶᠢᠨ ᠭᠡᠰᠢᠭᠦᠨ ᠪᠤᠯᠪᠠᠯ ᠤᠳᠠᠭ᠎ᠠ ᠪᠤᠯᠭᠠᠨ ᠪᠢᠯᠧᠲ ᠬᠤᠳᠠᠯᠳᠤᠨ ᠠᠪᠬᠤ ᠪᠦᠷᠢ ᠴᠦᠮ ᠵᠣᠬᠢᠬᠤ ᠬᠤᠷᠠᠮᠳᠤᠯ ᠬᠤᠪᠢ | ᠤᠯᠬᠤ ᠪᠥᠭᠡᠳ ᠠᠶᠠᠨᠴᠢᠳ ᠲᠡᠷᠡᠭᠦ ᠬᠤᠷᠠᠮᠳᠤᠯ ᠬᠤᠪᠢ ᠪᠠᠨ ᠠᠰᠢᠬᠯᠠᠨ ᠲᠡᠷᠭᠡᠨ ᠪᠢᠯᠧᠲ ᠰᠣᠯᠢᠵᠤ ᠠᠪᠴᠤ ᠪᠣᠯᠤᠨ᠎ᠠ᠃ ᠭᠡᠪᠡᠴᠦ ᠲᠡᠮᠦᠷ ᠵᠠᠮ ᠤᠨ ᠲᠠᠯ᠎ᠠ ᠠᠴᠠ | ᠰᠠᠨᠠᠭᠤᠯᠬᠤ ᠳᠠᠭᠠᠨ᠂ ᠬᠤᠷᠠᠮᠳᠤᠯ ᠬᠤᠪᠢ ᠪᠠᠷ ᠢᠶᠠᠨ ᠰᠣᠯᠢᠵᠦ ᠠᠪᠤᠬᠰᠠᠨ ᠲᠡᠷᠭᠡᠨ ᠪᠢᠯᠧᠲ ᠢᠶᠠᠨ ᠥᠭᠡᠷᠡᠴᠢᠯᠡᠬᠦ ᠭᠠᠷ ᠤᠨ ᠥᠰᠥᠭ ᠵᠢᠷᠤᠵᠤ ᠪᠣᠯᠤᠨ᠎ᠠ᠂ ᠬᠡᠬᠦ | ᠳᠡᠭᠡᠨ ᠪᠢᠯᠧᠲ ᠪᠤᠴᠠᠭᠠᠬᠤ᠂ ᠥᠷᠲᠡᠭᠡᠨ ᠳᠤ ᠬᠥᠷᠬᠦ ᠲᠤᠬᠠᠶᠢᠯᠠᠭᠰᠠᠨ ᠠᠵᠢᠯ ᠢ ᠬᠤᠪᠢᠷᠠᠭᠤᠯᠬᠤ ᠭᠠᠷ ᠬᠦᠢᠴᠡᠳᠬᠡᠯ ᠬᠢᠬᠦ ᠥᠬᠡᠶ᠃ | ︽ᠤᠷᠤ︾ ᠭᠡᠳᠡᠭ ᠨᠢ ᠰᠦᠯᠵᠢᠶᠡᠨ ᠳᠡᠭᠡᠷ᠎ᠡ ᠤᠷᠤ ᠰᠣᠩᠭᠤᠬᠤ ᠦᠢᠯᠡᠴᠢᠯᠡᠭᠡ ᠬᠠᠩᠭᠠᠵᠤ ᠪᠣᠯᠬᠤ ᠭᠠᠯᠳᠤ ᠲᠡᠷᠭᠡ ᠶᠢ ᠵᠢᠭᠠᠵᠤ ᠪᠠᠶᠢᠨ᠎ᠠ᠃ ᠲᠣᠰ | ᠢᠯᠡᠷᠭᠡᠶᠢᠯᠡᠯ ᠲᠡᠮᠳᠡᠭ ᠲᠠᠢ ᠭᠠᠯᠳᠤ ᠲᠡᠷᠭᠡ ᠶᠢᠨ ᠢᠯᠡᠷᠭᠡᠶᠢᠯᠡᠯ ᠲᠡᠮᠳᠡᠭ ᠢ ᠲᠤᠪᠰᠢᠵᠦ ᠲᠡᠷᠭᠡᠨ ᠳᠤ ᠰᠠᠭᠤᠭᠴᠢ ᠶᠢᠨ ᠮᠡᠳᠡᠭᠡ ᠵᠠᠩᠭᠢ ᠪᠠᠨ ᠪᠢᠴᠢᠵᠦ ᠤᠷᠤᠭᠤᠯᠪᠠᠯ᠂ | ᠰᠢᠰᠲ᠋ᠧᠮ ᠨᠢ ᠳᠠᠷᠤᠶ ᠣᠷᠣ ᠰᠤᠩᠭᠤᠬᠤ ᠠᠦ᠋ᠲ᠋ᠣ᠋ ᠦᠢᠯᠡᠴᠢᠯᠡᠭᠡ ᠶᠢᠨ ᠵᠢᠭᠰᠠᠭᠠᠯᠲᠠ ᠶᠢ ᠨᠡᠭᠡᠭᠡᠳᠡᠭ᠂ ᠡᠨᠡ ᠦᠶ᠎ᠡ ᠳᠤ ᠠᠶᠠᠨᠴᠢᠳ ᠦᠪᠡᠷ ᠢᠶᠠᠨ ᠭᠠᠯᠳᠤ ᠲᠡᠷᠭᠡᠨ ᠤ | ᠳᠡᠭᠡᠷ᠎ᠡ ᠳᠤᠮᠳᠠ ᠳᠤᠤᠷ᠎ᠠ ᠣᠷᠣ ᠶᠢᠨ ᠠᠯᠢ ᠨᠢᠭᠡ ᠶᠢ ᠨᠢ ᠰᠣᠩᠭᠤᠵᠤ ᠪᠤᠯᠳᠠᠭ᠂ 60 ᠨᠠᠰᠤᠨ ᠠᠴᠠ ᠳᠡᠭᠡᠭᠰᠢᠬᠢ ᠨᠠᠰᠤᠲᠠᠶᠢᠴᠤᠳ ᠲᠤ ᠪᠤᠯ ᠰᠢᠰᠲ᠋ᠧᠮ ᠤᠨ ᠬᠢᠨ | ᠳᠤᠤᠷ᠎ᠠ ᠣᠷᠣ ᠶᠢ ᠠᠦ᠋ᠲ᠋ᠣ᠋ ᠪᠠᠷ ᠤᠷᠢᠳ ᠢᠶᠠᠷ ᠬᠤᠪᠢᠶᠠᠷᠢᠯᠠᠵᠤ ᠦᠭᠳᠡᠭ᠃ ᠬᠡᠷᠪᠡ ᠦᠯᠡᠳᠡᠭᠰᠡᠨ ᠣᠷᠣ ᠨᠢ ᠤᠷᠤ ᠰᠤᠩᠭᠤᠬᠤ ᠬᠡᠷᠡᠭᠴᠡᠭᠡ ᠶᠢ ᠬᠠᠩᠭᠠᠵᠤ ᠳᠡᠶᠢᠯᠬᠦ | ᠥᠬᠡᠶ ᠪᠣᠯ ᠰᠢᠰᠲ᠋ᠧᠮ ᠠᠴᠠ ᠮᠠᠰᠢᠨ ᠢᠶᠠᠷ ᠣᠷᠣ ᠰᠤᠩᠭᠤᠵᠤ ᠦᠭᠳᠡᠭ᠂ ᠠᠶᠠᠨᠴᠢᠳ ᠥᠪᠡᠷ ᠤᠨ ᠪᠠᠶᠢᠳᠠᠯ ᠢᠶᠠᠨ ᠦᠨᠳᠦᠰᠦᠯᠡᠨ ᠰᠤᠩᠭᠤᠬᠰᠠᠨ ᠤᠷᠤ ᠶᠢ ᠭᠥᠯᠢᠶᠡᠨ | ᠠᠪᠬᠤ ᠪᠤᠶᠤ ᠬᠦᠴᠦᠨ ᠥᠬᠡᠶ ᠪᠣᠯᠭᠠᠵᠤ ᠪᠣᠯᠤᠨ᠎ᠠ᠃ |