ᠪᠠᠰᠠ ᠶᠡᠭᠡ ᠪᠠᠷ ᠥᠰᠴᠡᠶ︕ ᠵᠠᠷᠢᠮ ᠬᠥᠮᠦᠨ ᠨᠢᠭᠡ ᠯᠡ ᠲᠡᠭᠡᠷ᠎ᠡ 20 ᠲᠦᠮᠡ ᠰᠢᠬᠠᠮ ᠲᠥᠭᠦᠷᠢᠭ  ᠵᠠᠷᠤᠪᠠ
ᠨᠡᠶᠢᠲᠡᠯᠡᠭᠰᠡᠨ ᠴᠠᠭ᠄
2024/7/17
       ᠴᠥᠭᠡᠨ ᠪᠤᠰᠤ ᠬᠥᠮᠦᠰ ᠬᠤᠳᠠᠯᠳᠤᠨ ᠠᠪᠤᠪᠠᠯ ᠦᠰᠦᠨ᠎ᠡ ᠬᠤᠳᠠᠯᠳᠤᠨ ᠠᠪᠬᠤ ᠦᠭᠡᠢ ᠪᠤᠯ ᠪᠠᠭᠤᠷᠠᠨ᠎ᠡ ᠭᠡᠬᠦ ᠪᠣᠳᠣᠯ ᠢᠶᠠᠷ ᠠᠯᠳᠠ ᠬᠤᠳᠠᠯᠳᠤᠨ ᠠᠪᠴᠤ ᠪᠠᠶᠢᠨ᠎ᠠ᠃ ᠲᠦᠷᠦᠭᠦᠦ ᠭᠠᠷᠠᠭ ᠤᠨ ᠰᠡᠭᠦᠯᠴᠢ ᠪᠠᠷ ᠬᠠᠩᠵᠧᠦ ᠶᠢᠨ ᠯᠢᠨᠫᠢᠩ ᠤᠨ ᠨᠢᠭᠡᠨ ᠨᠡᠷᠡᠲᠦ ᠲᠡᠮᠳᠡᠭᠲᠦ ᠶᠢᠨ ᠠᠯᠲᠠᠨ ᠤ ᠳᠡᠯᠭᠡᠭᠦᠷ ᠠᠴᠠ ᠨᠢᠭᠡᠨ ᠵᠣᠴᠢᠨ ᠨᠢᠭᠡ ᠯᠡ ᠲᠡᠭᠡᠷ᠎ᠡ 3 ᠰᠠᠪᠠᠭ᠎ᠠ ᠠᠯᠲᠠ ᠬᠤᠳᠠᠯᠳᠤᠨ ᠠᠪᠴᠠᠢ᠂ ᠡᠨᠡ ᠨᠢ ᠨᠡᠶᠢᠲᠡ 300 ᠭᠷᠠᠮ ᠪᠠᠶᠢᠪᠠ᠂ ᠲᠤᠬᠠᠶ ᠶᠢᠨ ᠡᠳᠦᠷ ᠤᠨ ᠠᠯᠲᠠᠨ ᠤ ᠦᠨ᠎ᠡ ᠨᠢ ᠭᠷᠠᠮ ᠪᠦᠷᠢ  ᠳᠡᠭᠡᠨ 735 ᠲᠥᠭᠦᠷᠢᠭ ᠪᠠᠶᠢᠵᠤ᠂ ᠰᠠᠪᠠᠭ᠎ᠠ ᠠᠯᠲᠠᠨ ᠤ ᠦᠨ᠎ᠡ ᠨᠢ ᠭᠷᠠᠮ ᠪᠦᠷᠢ ᠳᠡᠭᠡᠨ 646 ᠲᠥᠭᠦᠷᠢᠭ ᠪᠠᠶᠢᠵᠤ᠂ 3 ᠰᠠᠪᠠᠭ᠎ᠠ ᠠᠯᠲᠠ ᠶᠢ ᠬᠤᠳᠠᠯᠳᠤᠨ ᠠᠪᠬᠤ ᠳᠤ193800 ᠲᠥᠭᠦᠷᠢᠭ ᠵᠠᠷᠤᠵᠠᠢ᠃       7 ᠰᠠᠷ᠎ᠠ ᠶᠢᠨ 15 ᠤ ᠡᠳᠦᠷ ᠡᠯ᠎ᠡ ᠨᠡᠷᠡᠲᠦ ᠲᠡᠮᠳᠡᠭ ᠤᠨ ᠠᠯᠲᠠᠨ ᠤ ᠵᠢᠵᠢᠭᠯᠡᠨ ᠬᠤᠳᠠᠯᠳᠤᠬᠤ ᠦᠨ᠎ᠡ ᠨᠢ ᠥᠨᠳᠥᠷ ᠦᠨ᠎ᠡ ᠪᠠᠨ ᠪᠠᠲᠤᠯᠠᠵᠦ ᠪᠠᠶᠢᠪᠠ᠃ ᠬᠤᠯᠪᠣᠭᠳᠠᠯ ᠪᠦᠬᠦᠢ ᠰᠦᠯᠵᠢᠶᠡᠨ ᠤ ᠪᠦᠷᠢᠳᠬᠡᠯ ᠢ ᠦᠨᠳᠦᠰᠦᠯᠡᠪᠡᠯ᠂ ᠣᠳᠣᠬᠠᠨ ᠳᠤ ᠠᠯᠲᠠᠨ ᠤ ᠵᠠᠰᠠᠯ ᠵᠢᠮᠰᠡᠭ ᠤᠨ ᠦᠨ᠎ᠡ ᠭᠷᠠᠮ ᠪᠦᠷᠢ ᠳᠡᠭᠡᠨ 590 ᠲᠥᠭᠦᠷᠢᠭ ᠠᠴᠠ 735 ᠲᠥᠭᠦᠷᠢᠭ ᠤᠨ ᠬᠤᠭᠤᠷᠣᠨᠳᠣ ︵ᠬᠥᠯᠥᠰᠥ ᠥᠷᠲᠡᠭ ᠤᠨ ᠵᠠᠷᠤᠳᠠᠯ ᠪᠠᠭᠲᠠᠬᠤ ᠦᠭᠡᠶ︶ ᠪᠠᠶᠢᠵᠤ᠂ ᠪᠡᠯᠡ ᠣᠷᠣᠭᠤᠯᠤᠯᠲᠠ ᠶᠢᠨ ᠰᠠᠪᠠᠭ᠎ᠠ ᠠᠯᠲᠠᠨ ᠤ ᠦᠨ᠎ᠡ ᠭᠷᠠᠮ ᠪᠦᠷᠢ ᠳᠡᠭᠡᠨ 580 ᠲᠥᠭᠦᠷᠢᠭ ᠣᠷᠴᠢᠮ ᠪᠠᠶᠢᠵᠤ᠂ ᠮᠥᠩᠭᠦᠨ ᠤ ᠦᠨ᠎ᠡ ᠨᠢ ᠭᠷᠠᠮ ᠪᠦᠷᠢ ᠳᠡᠭᠡᠨ 7.5 ᠲᠥᠭᠦᠷᠢᠭ ᠪᠣᠯᠤᠨ᠎ᠠ᠃       ᠰᠤᠷᠪᠤᠯᠵᠢᠯᠠᠭᠴᠢ ᠯᠢᠨ ᠫᠢᠩ ᠤᠨ ᠰᠦᠯᠵᠢᠶᠡᠨ ᠤ ᠭᠠᠳᠠᠨᠠᠬᠢ ᠠᠯᠲᠠᠨ ᠤ ᠳᠡᠯᠭᠡᠭᠦᠷ ᠢᠶᠠᠷ ᠶᠠᠪᠤᠵᠤ ᠰᠤᠷᠪᠤᠯᠵᠢᠯᠠᠬᠤ ᠳᠤ᠂ ᠨᠢᠭᠡᠨ ᠠᠯᠲᠠᠨ ᠤ ᠳᠡᠯᠭᠡᠭᠦᠷ ᠤᠨ ᠪᠣᠷᠣᠯᠠᠭᠤᠯᠤᠭᠴᠢ᠄ ᠡᠨᠡ ᠵᠢᠯ ᠡᠬᠢᠯᠡᠭᠰᠡᠨ ᠠᠴᠠ ᠨᠠᠭᠠᠰᠢ ᠠᠯᠲᠠᠨ ᠤ ᠦᠨ᠎ᠡ ᠨᠢ ᠭᠷᠠᠮ ᠪᠦᠷᠢ ᠳᠡᠭᠡᠨ 700 ᠲᠥᠭᠦᠷᠢᠭ ᠭᠠᠷᠤᠢ ᠪᠤᠯᠤᠭᠠᠳ ᠨᠡᠯᠢᠶᠡᠳ ᠤᠳᠠᠵᠤ ᠪᠠᠶᠢᠨ᠎ᠠ᠂ ᠥᠴᠥᠭᠡᠳᠦᠷ ᠠᠯᠲᠠᠨ ᠤ ᠵᠠᠰᠠᠯ ᠵᠢᠮᠰᠡᠭ ᠤᠨ ᠦᠨ᠎ᠡ ᠭᠷᠠᠮ ᠪᠦᠷᠢ ᠳᠡᠭᠡᠨ 735 ᠲᠥᠭᠦᠷᠢᠭ ︵ᠬᠥᠯᠥᠰᠥ ᠥᠷᠲᠡᠭ ᠤᠨ ᠵᠠᠷᠤᠳᠠᠯ ᠪᠠᠭᠲᠠᠬᠤ ᠦᠭᠡᠶ︶᠂ ᠪᠡᠯᠡ ᠣᠷᠣᠭᠤᠯᠤᠯᠲᠠ ᠶᠢᠨ ᠰᠠᠪᠠᠭ᠎ᠠ ᠠᠯᠲᠠᠨ ᠤ ᠦᠨ᠎ᠡ ᠭᠷᠠᠮ ᠪᠦᠷᠢ ᠳᠡᠭᠡᠨ 646 ᠲᠥᠭᠦᠷᠢᠭ ᠪᠤᠯᠤᠨ᠎ᠠ ᠭᠡᠵᠦ ᠬᠡᠯᠡᠪᠡ᠃       ᠶᠢᠨ ᠲᠠᠢ ᠬᠤᠭᠤᠴᠠᠭᠠᠲᠤ ᠪᠠᠷᠠᠭᠠᠨ ᠤ ᠰᠤᠳᠤᠯᠭᠠᠨ ᠤ ᠮᠡᠳᠡᠭᠦᠯᠦᠯᠲᠡ ᠠᠴᠠ ᠦᠵᠡᠪᠡᠯ᠂ ᠠᠮᠧᠷᠢᠺᠠ ᠶᠢᠨ 6 ᠰᠠᠷ᠎ᠠ ᠶᠢᠨ CPI ᠨᠢ ᠵᠠᠬ᠎ᠠ ᠳᠡᠯᠭᠡᠭᠦᠷ ᠤᠨ ᠵᠢᠱᠢᠯᠲᠡ ᠠᠴᠠ ᠳᠤᠤᠷ᠎ᠠ ᠪᠠᠶᠢᠵᠤ᠂ ᠰᠢᠵᠢᠷ ᠠᠯᠲᠠᠨ ᠤ ᠦᠨ᠎ᠡ ᠶᠡᠭᠡ ᠪᠠᠷ ᠥᠰᠴᠡᠶ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ