ᠠᠩᠬᠠᠷ︕ ᠵᠠᠷᠢᠮ ᠡᠮ ᠢ ᠬᠠᠭᠠᠯᠵᠤ ᠤᠤᠭᠤᠵᠤ ᠪᠣᠯᠬᠤ ᠦᠭᠡᠢ
ᠨᠡᠶᠢᠲᠡᠯᠡᠭᠰᠡᠨ ᠴᠠᠭ᠄
2024/7/17
       ᠵᠠᠷᠢᠮ ᠬᠥᠮᠦᠨ ᠤᠤᠭᠤᠬᠤ ᠳᠤ ᠳᠥᠭᠦᠮ ᠢ ᠪᠤᠳᠤᠭᠠᠳ ᠡᠮ ᠢᠶᠠᠨ ᠬᠠᠭᠠᠯᠬᠤ ᠪᠤᠶᠤ ᠬᠡᠮᠬᠡᠯᠵᠦ ᠨᠢᠴᠠᠯᠠᠭᠠᠳ ᠰᠠᠶ᠋ᠢ ᠤᠤᠭᠤᠳᠠᠭ᠂ ᠭᠡᠪᠡᠴᠦ ᠳᠣᠣᠷᠠᠬᠢ ᠬᠡᠳᠦᠨ ᠵᠦᠢᠯ ᠤᠨ ᠡᠮ ᠢ ᠬᠠᠭᠠᠯᠵᠤ ᠤᠤᠭᠤᠵᠤ ᠪᠣᠯᠬᠤ ᠦᠭᠡᠢ᠃ ᠵᠢᠱᠢᠶᠡᠯᠡᠪᠡᠯ ᠬᠤᠨᠭ᠌ ᠮᠸᠢ ᠰᠤ᠋ ︵红霉素︶᠂ ᠫᠦ᠋ ᠯᠦᠸᠧ ᠫᠠ ᠲᠦᠡᠭ ︵普罗帕酮︶᠂ ᠠ ᠯᠦᠨ ᠯᠢᠨ ᠰᠤᠸᠠᠨ ᠨᠠ ︵阿仑膦酸钠︶᠂ ᠾᠯᠣᠷᠲᠤ ᠺᠠᠯᠢ ︵氯化钾︶ ᠵᠡᠷᠭᠡ ᠡᠮ ᠢ ᠬᠠᠭᠠᠯᠵᠤ ᠬᠡᠮᠬᠡᠯᠵᠦ ᠤᠤᠭᠤᠪᠠᠯ ᠰᠢᠩᠭᠡᠭᠡᠯᠲᠡ ᠶᠢᠨ ᠵᠠᠮ ᠤᠨ ᠰᠠᠯᠢᠰᠤᠲᠤ ᠪᠦᠷᠬᠦᠪᠴᠢ ᠶᠢ ᠭᠡᠮᠲᠦᠭᠡᠳᠡᠭ︔ ᠵᠢᠱᠢᠶᠡᠯᠡᠪᠡᠯ ᠳ᠋ᠦᠸᠧ ᠮᠸᠢ ᠫᠢᠶᠠᠨ ︵多酶片︶᠂ ᠢ ᠮᠸᠢ ᠫᠢᠶᠠᠨ ︵胰酶片︶᠂ ᠢ ᠮᠸᠢ ᠫᠢᠶᠠᠨ ᠨᠡᠶᠢᠯᠡᠮᠡᠯ ᠬᠠᠪᠲᠠᠭᠠᠢ ᠦᠷᠢᠯ ︵复方胰酶片︶ ᠵᠡᠷᠭᠡ ᠡᠮ ᠢ ᠬᠠᠭᠠᠯᠵᠤ ᠬᠡᠮᠬᠡᠯᠵᠦ ᠤᠤᠭᠤᠪᠠᠯ ᠠᠮᠠᠷᠬᠠᠨ ᠬᠤᠳᠣᠭᠤᠳᠣᠨ ᠰᠢᠩᠭᠡᠨ ᠢ ᠡᠪᠳᠡᠬᠦ ᠠᠴᠠ ᠪᠤᠯᠵᠤ ᠦᠢᠯᠡᠳᠦᠯ ᠢᠶᠠᠨ ᠠᠯᠳᠠᠳᠠᠭ︔ ᠺᠦᠡᠭ ᠱᠢ ᠫᠢᠶᠠᠨ ︵控释片︶ ᠪᠠ ᠬᠤᠸᠠᠨ ᠱᠢ ᠪᠢᠶᠠᠨ ︵缓释片︶ ᠵᠡᠷᠭᠡ ᠡᠮ ᠢ ᠬᠠᠭᠠᠯᠵᠤ ᠬᠡᠮᠬᠡᠯᠵᠦ ᠤᠤᠭᠤᠪᠠᠯ ᠠᠮᠠᠷᠬᠠᠨ ᠪᠦᠲᠦᠴᠡ ᠶᠢ ᠡᠪᠳᠡᠳᠡᠭ︔ ᠪᠠᠰᠠ ᠬᠡᠳᠡᠰᠦᠨ ᠳᠤ ᠠᠭᠤᠰᠬᠤ ᠡᠮ ︵肠溶片︶᠂ ᠬᠤᠮᠵᠢᠶ᠎ᠠ ᠡᠮ ︵胶囊剂︶᠂ ᠬᠡᠯᠡᠨ ᠲᠤᠤᠷ᠎ᠠ ᠪᠠᠨ ᠲᠠᠷᠤᠬᠤ ᠡᠮ ︵舌下片︶ ᠵᠡᠷᠭᠡ ᠡᠮ ᠢ ᠬᠠᠭᠠᠯᠵᠤ ᠬᠡᠮᠬᠡᠯᠵᠦ ᠤᠤᠭᠤᠵᠤ ᠪᠣᠯᠬᠤ ᠦᠭᠡᠢ᠃       ᠰᠠᠨᠠᠭᠤᠯᠤᠮᠵᠢ᠄ ᠡᠩ ᠤᠨ ᠪᠠᠶᠢᠳᠠᠯ ᠳᠣᠣᠷ᠎ᠠ ᠡᠮ ᠤᠨ ᠭᠤᠤᠯ ᠳᠤ ᠬᠡᠷᠴᠢᠭᠰᠡᠨ ᠵᠢᠷᠤᠭᠠᠰᠤ ᠪᠠᠶᠢᠪᠠᠯ ᠣᠯᠠᠩᠬᠢ ᠡᠮ ᠢ ᠨᠢ ᠬᠠᠭᠠᠯᠵᠤ ᠬᠡᠮᠬᠡᠯᠵᠦ ᠤᠤᠭᠤᠵᠤ ᠪᠣᠯᠤᠨ᠎ᠠ᠃ ᠡᠮ ᠬᠡᠷᠡᠭᠯᠡᠬᠦ ᠠᠴᠠ ᠪᠠᠨ ᠡᠮᠦᠨ᠎ᠡ ᠲᠣᠳᠣᠷᠬᠠᠶᠢᠯᠠᠯᠲᠠ ᠶᠢᠨ ᠪᠢᠴᠢᠭ ᠢ ᠨᠠᠷᠢᠨ ᠤᠩᠰᠢᠬᠤ ᠶᠢᠨ ᠬᠠᠮᠲᠤ ᠲᠣᠳᠣᠷᠬᠠᠶᠢᠯᠠᠯᠲᠠ ᠶᠣᠰᠣᠭᠠᠷ ᠬᠡᠷᠡᠭᠯᠡᠬᠦ ᠪᠤᠶᠤ ᠡᠮ ᠨᠠᠶᠢᠷᠠᠭᠴᠢ ᠶᠢᠨ ᠵᠢᠯᠣᠭᠤᠳᠣᠯᠭ᠎ᠠ ᠳᠤᠤᠷ᠎ᠠ ᠬᠡᠷᠡᠭᠯᠡᠬᠦ ᠬᠡᠷᠡᠭᠲᠡᠶ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ