ᠭᠠᠷᠠᠭ ᠪᠦᠷᠢ ᠭᠤᠷᠪᠠ ᠤᠳᠠᠭ᠎ᠠ ᠰᠢᠷ᠎ᠠ ᠯᠤᠤᠪᠠᠩ ᠢᠳᠡᠪᠡᠯ ᠳᠠᠷᠬᠠᠯᠠᠭ᠎ᠠ ᠴᠢᠨᠢ ᠠᠭᠠᠵᠢᠮ ᠢᠶᠠᠷ ᠰᠠᠶᠢᠵᠢᠷᠠᠨ᠎ᠠ
ᠨᠡᠶᠢᠲᠡᠯᠡᠭᠰᠡᠨ ᠴᠠᠭ᠄
2024/7/17
       ᠰᠢᠷ᠎ᠠ ᠯᠤᠤᠪᠠᠩ ᠤᠨ ᠡᠳ᠋ ᠨᠢ ᠬᠦᠴᠢᠯᠲᠥᠷᠦᠭᠴᠢ ᠶᠢ ᠡᠰᠡᠷᠭᠦᠴᠡᠬᠦ ᠮᠠᠰᠢ ᠰᠠᠶᠢᠨ ᠦᠢᠯᠡᠳᠦᠯ ᠲᠠᠢ ᠪᠥᠭᠡᠳ ᠪᠡᠶ᠎ᠡ ᠶᠢᠨ ᠳᠠᠷᠬᠠᠯᠠᠭ᠎ᠠ ᠶᠢ ᠰᠠᠶᠢᠵᠢᠷᠠᠭᠤᠯᠳᠠᠭ᠃ ᠤᠷᠭᠤᠮᠠᠯ ᠤᠨ ᠲᠤᠳᠤᠷ᠎ᠠ᠂ ᠰᠢᠷ᠎ᠠ ᠯᠤᠤᠪᠠᠩ ᠤᠨ ᠡᠳ᠋ ᠨᠢ ᠭᠤᠣᠯᠳᠠᠭᠤ ᠵᠦᠢᠯ ᠪᠦᠷᠢ ᠶᠢᠨ ᠰᠢᠨ᠎ᠡ ᠰᠣᠷᠭᠤᠭ ᠢᠳᠡᠰᠢᠨ ᠨᠣᠭᠤᠭ᠎ᠠ ᠵᠢᠮᠢᠰ ᠤᠨ ᠲᠤᠳᠤᠷ᠎ᠠ ᠣᠷᠣᠰᠢᠵᠤ᠂ ᠢᠯᠠᠩᠭᠤᠶ᠎ᠠ ᠬᠤᠯᠤᠤᠪᠠᠩ ᠤᠨ ᠠᠭᠤᠯᠤᠭᠳᠠᠴᠠ ᠪᠠᠷ ᠡᠯᠪᠡᠭ ᠪᠠᠶᠠᠯᠢᠭ ᠪᠠᠶᠢᠳᠠᠭ᠃       ᠠᠮᠧᠷᠢᠺᠠ ᠶᠢᠨ ᠰᠠᠨᠹᠦᠷᠳ᠋ ᠶᠡᠭᠡ ᠰᠤᠷᠭᠠᠭᠤᠯᠢ ᠶᠢᠨ ᠰᠤᠳᠤᠯᠤᠬᠴᠢᠳ ᠤᠨ ᠤᠶᠢᠷ᠎ᠠ ᠶᠢᠨ ᠬᠤᠭᠤᠴᠠᠭᠠᠨ ᠤ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠵᠠᠯᠠᠭᠤᠴᠤᠳ ᠭᠠᠷᠠᠭ ᠪᠦᠷᠢ ᠠᠳᠠᠭ ᠲᠠᠭᠠᠨ ᠭᠤᠷᠪᠠᠨ ᠤᠳᠠᠭ᠎ᠠ ᠰᠢᠷ᠎ᠠ ᠯᠤᠤᠪᠠᠩ ᠢᠳᠡᠪᠡᠯ ᠠᠷᠠᠰᠤᠨ ᠳᠤ ᠠᠭᠤᠯᠤᠭᠳᠠᠬᠤ ᠰᠢᠷ᠎ᠠ ᠯᠤᠤᠪᠠᠩ ᠤᠨ ᠡᠳ᠋ ᠢ ᠢᠯᠡᠳᠲᠡ ᠳᠡᠭᠡᠭᠰᠢᠯᠡᠭᠦᠯᠬᠦ ᠶᠢᠨ ᠤᠯᠠᠮ ᠢᠶᠠᠷ ᠪᠡᠶ᠎ᠡ ᠶᠢᠨ ᠬᠢᠨᠢ ᠳᠠᠷᠬᠠᠯᠠᠭ᠎ᠠ ᠶᠢ ᠰᠠᠶᠢᠵᠢᠷᠠᠭᠤᠯᠤᠨ᠎ᠠ᠃       ᠶᠡᠷᠦᠳᠡᠭᠡᠨ ᠰᠢᠷ᠎ᠠ ᠯᠤᠤᠪᠠᠩ ᠢᠯᠡᠭᠦᠦ ᠰᠢᠭ ᠢᠳᠡᠪᠡᠯ ᠰᠢᠷ᠎ᠠ ᠯᠤᠤᠪᠠᠩ ᠤᠨ ᠡᠳ᠋ ᠢ ᠮᠠᠰᠢ ᠰᠠᠶᠢᠨ ᠨᠦᠬᠦᠪᠦᠷᠢᠯᠡᠵᠦ ᠴᠢᠳᠠᠨ᠎ᠠ᠃ ᠢᠳᠡᠬᠦ ᠤᠳᠠᠭ᠎ᠠ ᠠᠴᠠ ᠠᠪᠴᠤ ᠬᠡᠯᠡᠪᠡᠯ᠂ ᠭᠠᠷᠠᠭ ᠪᠦᠷᠢ ᠠᠳᠠᠭ ᠲᠠᠭᠠᠨ 3 ᠤᠳᠠᠭ᠎ᠠ ᠭᠡᠷᠡᠭᠳᠡᠢ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ