ᠲᠤᠯᠠᠢ ᠡᠪᠡᠳᠴᠢᠨ ᠨᠢ ᠶᠠᠭᠤᠨ ᠳᠤ ᠡᠷᠡᠭᠲᠡᠶᠢᠴᠦᠳ ᠢ ᠨᠡᠩ ᠢᠯᠡᠬᠦᠦ ᠲᠠᠷᠴᠢᠯᠠᠭᠠᠵᠦ ᠪᠠᠶᠢᠳᠠᠭ ᠪᠤᠢ︖
ᠨᠡᠶᠢᠲᠡᠯᠡᠭᠰᠡᠨ ᠴᠠᠭ᠄
2024/7/9
       ᠲᠤᠯᠠᠢ ᠡᠪᠡᠳᠴᠢᠨ ᠨᠢ ᠦᠨᠡᠬᠡᠷ ᠡᠷᠡᠭᠲᠡᠶᠢᠴᠦᠳ ᠢ ᠨᠡᠩ ᠢᠯᠡᠬᠦᠦ ᠲᠠᠷᠴᠢᠯᠠᠭᠠᠵᠦ ᠪᠠᠶᠢᠳᠠᠭ᠃ ᠡᠩ ᠤᠨ ᠬᠥᠮᠦᠰ ᠤᠨ ᠲᠤᠳᠤᠷ᠎ᠠ᠂ 95% ᠠᠴᠠ ᠳᠡᠭᠡᠭᠰᠢᠬᠢ ᠡᠷᠡᠭᠲᠡᠶᠢᠴᠦᠳ ᠲᠤᠯᠠᠢ ᠡᠪᠡᠳᠴᠢᠨ ᠤᠯᠳᠠᠭ ᠪᠦᠭᠡᠳ ᠡᠮᠡᠭᠲᠡᠶᠢᠴᠦᠳ ᠤᠨ ᠲᠤᠯᠠᠢ ᠡᠪᠡᠳᠴᠢᠨ ᠤᠯᠬᠤ ᠨᠤᠷᠮ᠎ᠠ ᠨᠢ ᠵᠥᠪᠬᠡᠨ 5% ᠬᠦᠷᠬᠦ ᠦᠭᠡᠢ ᠪᠠᠶᠢᠵᠤ᠂ ᠡᠷᠡᠭᠲᠡᠢ ᠡᠮᠡᠭᠲᠡᠢ ᠶᠢᠨ ᠬᠠᠷᠢᠴᠠᠯ ᠨᠢ ᠪᠠᠷᠤᠭ 20᠄ 1 ᠪᠣᠯᠤᠨ᠎ᠠ᠃ ᠲᠤᠯᠠᠢ ᠡᠪᠡᠳᠴᠢᠨ ᠤᠯᠬᠤ ᠶᠢᠨ ᠭᠤᠣᠯ ᠰᠢᠯᠲᠠᠭᠠᠨ ᠨᠢ ᠭᠤᠣᠯᠳᠠᠭᠤ ᠥᠨᠳᠥᠷ ᠰᠢᠭᠡᠰᠦᠨ ᠬᠦᠴᠢᠯ ᠤᠨ ᠴᠢᠰᠤᠨ ᠭᠡᠮ ᠪᠣᠯᠤᠨ᠎ᠠ᠂ ᠰᠢᠭᠡᠰᠦᠨ ᠬᠦᠴᠢᠯ ᠪᠣᠯ ᠬᠥᠮᠦᠨ ᠤ ᠪᠡᠶ᠎ᠡ ᠶᠢᠨ ᠫᠦᠷᠢᠨ ᠤ ᠰᠣᠯᠢᠯᠴᠠᠭᠠᠨ ᠤ ᠡᠴᠦᠰ ᠤᠨ ᠪᠦᠲᠦᠭᠡᠭᠳᠡᠬᠦᠨ ᠪᠣᠯᠤᠨ᠎ᠠ᠃ ᠪᠥᠭᠡᠷ᠎ᠡ ᠪᠣᠯ ᠰᠢᠭᠡᠰᠦᠨ ᠬᠦᠴᠢᠯ ᠢᠯᠭᠠᠷᠠᠭᠤᠯᠬᠤ ᠭᠤᠣᠯ ᠵᠠᠮ ᠪᠤᠯᠬᠤ ᠪᠦᠭᠡᠳ ᠡᠮ᠎ᠡ ᠬᠤᠷᠮᠣᠨ ᠨᠢ ᠰᠢᠭᠡᠰᠦᠨ ᠬᠦᠴᠢᠯ ᠢᠯᠭᠠᠷᠠᠭᠤᠯᠬᠤ ᠶᠢ ᠠᠬᠢᠭᠤᠯᠬᠤ ᠦᠢᠯᠡᠳᠦᠯ ᠲᠠᠢ ᠶᠤᠮ᠃ ᠰᠠᠷ᠎ᠠ ᠶᠢᠨ ᠭᠬᠢᠷ ᠠᠷᠢᠯᠬᠤ ᠠᠴᠠ ᠡᠮᠦᠨ᠎ᠡ ᠡᠮᠡᠭᠲᠡᠶᠢᠴᠤᠳ ᠤᠨ ᠪᠡᠶ᠎ᠡ ᠶᠢᠨ ᠳᠣᠲᠣᠷᠠᠬᠢ ᠡᠮ᠎ᠡ ᠬᠤᠷᠮᠣᠨ ᠤ ᠱᠦᠬᠦᠷᠡᠯᠳᠡ ᠶᠢᠨ ᠬᠡᠮᠵᠢᠶ᠎ᠡ ᠨᠡᠯᠢᠶᠡᠳ ᠶᠡᠭᠡ᠂ ᠴᠢᠰᠤᠨ ᠳᠣᠲᠣᠷᠠᠬᠢ ᠡᠮ᠎ᠡ ᠬᠤᠷᠮᠣᠨ ᠤ ᠬᠡᠮᠵᠢᠶ᠎ᠡ ᠨᠡᠯᠢᠶᠡᠳ ᠥᠨᠳᠥᠷ ᠪᠠᠶᠢᠳᠠᠭ᠂ ᠲᠡᠶᠢᠨ ᠬᠦ ᠪᠥᠭᠡᠷᠡᠨ ᠤ ᠰᠢᠭᠡᠰᠦᠨ ᠬᠦᠴᠢᠯ ᠢ ᠭᠠᠳᠠᠭᠰᠢᠯᠠᠭᠤᠯᠬᠤ ᠶᠢ ᠠᠬᠢᠭᠤᠯᠵᠤ᠂ ᠴᠢᠰᠤᠨ ᠳᠠᠬᠢ ᠰᠢᠭᠡᠰᠦᠨ ᠬᠦᠴᠢᠯ ᠤᠨ ᠬᠡᠮᠵᠢᠶ᠎ᠡ ᠶᠢ ᠪᠠᠭᠤᠷᠠᠭᠤᠯᠬᠤ ᠶᠢ ᠲᠤᠰᠠᠯᠠᠳᠠᠭ᠃       ᠡᠶᠢᠮᠦ ᠠᠴᠠ ᠡᠷᠡᠭᠲᠡᠶᠢᠴᠦᠳ ᠤᠨ ᠴᠢᠰᠤᠨ ᠡᠭᠡᠳᠡᠩ ᠳᠣᠲᠣᠷᠠᠬᠢ ᠰᠢᠭᠡᠰᠦᠨ ᠬᠦᠴᠢᠯ ᠤᠨ ᠬᠡᠮᠵᠢᠶ᠎ᠡ ᠨᠢ ᠰᠠᠷ᠎ᠠ ᠶᠢᠨ ᠭᠬᠢᠷ ᠠᠷᠢᠯᠬᠤ ᠠᠴᠠ ᠡᠮᠦᠨᠡᠬᠢ ᠠᠳᠠᠯᠢ ᠨᠠᠰᠤᠨ ᠤ ᠡᠮᠡᠭᠲᠡᠶᠢᠴᠦᠳ ᠠᠴᠠ ᠬᠠᠷᠢᠴᠠᠩᠭᠤᠢ ᠪᠠᠷ ᠥᠨᠳᠥᠷ ᠪᠠᠶᠢᠳᠠᠭ᠃ ᠡᠷ᠎ᠡ ᠬᠤᠷᠮᠤᠨ ᠨᠢ ᠰᠢᠭᠡᠰᠦᠨ ᠬᠦᠴᠢᠯ ᠤᠨ ᠪᠦᠬᠡᠷ᠎ᠡ ᠶᠢᠨ ᠵᠢᠵᠢᠭ ᠴᠤᠷᠭᠤ ᠪᠠᠷ ᠭᠠᠳᠠᠬᠰᠢᠯᠠᠬᠤ ᠶᠢ ᠪᠠᠭᠠᠰᠬᠠᠳᠠᠭ ᠪᠤᠯᠬᠤᠷ ᠡᠷᠡᠭᠲᠡᠶᠢᠴᠦᠳ ᠤᠨ ᠴᠢᠰᠦᠨ ᠡᠭᠡᠳᠡᠩ ᠲᠤᠳᠤᠷᠠᠬᠢ ᠰᠢᠭᠡᠰᠤᠨ ᠬᠦᠴᠢᠯ ᠤᠨ ᠬᠡᠮᠵᠢᠶ᠎ᠡ ᠨᠢ ᠰᠠᠷ᠎ᠠ ᠶᠢᠨ ᠭᠬᠢᠷ ᠠᠷᠢᠯᠬᠤ ᠠᠴᠠ ᠡᠮᠤᠨᠡᠬᠢ ᠠᠳᠠᠯᠢ ᠨᠠᠰᠤᠨ ᠤ ᠡᠮᠡᠭᠲᠡᠶᠢᠴᠦᠳ ᠤᠨ ᠬᠢ ᠠᠴᠠ ᠬᠠᠷᠢᠴᠠᠩᠭᠤᠢ ᠪᠠᠷ ᠦᠨᠳᠤᠷ ᠪᠠᠶᠢᠳᠠᠭ᠃       ᠭᠡᠪᠡᠴᠦ᠂ ᠰᠠᠷ᠎ᠠ ᠶᠢᠨ ᠭᠬᠢᠷ ᠠᠷᠢᠯᠤᠭᠰᠠᠨ ᠤ ᠳᠠᠷᠠᠭ᠎ᠠ ᠡᠮ᠎ᠡ ᠬᠤᠷᠮᠣᠨ ᠤ ᠬᠡᠮᠵᠢᠶ᠎ᠡ ᠪᠠᠭᠠᠰᠴᠤ᠂ ᠲᠥᠮᠥᠰᠥᠨ ᠺᠧᠲ᠋ᠣᠨ ᠤ ᠬᠡᠮᠵᠢᠶ᠎ᠡ ᠳᠡᠭᠡᠭᠰᠢᠯᠡᠬᠦ ᠶᠢ ᠳᠠᠭᠠᠯᠳᠤᠨ᠂ ᠪᠡᠶ᠎ᠡ ᠶᠢᠨ ᠳᠣᠲᠣᠭᠠᠳᠤ ᠶᠢᠨ ᠰᠢᠭᠡᠰᠦᠨ ᠬᠦᠴᠢᠯ ᠤᠨ ᠬᠡᠮᠵᠢᠶ᠎ᠡ ᠴᠦ ᠬᠠᠷᠢᠴᠠᠩᠭᠤᠢ ᠪᠠᠷ ᠳᠡᠭᠡᠭᠰᠢᠯᠡᠳᠡᠭ ᠢ ᠠᠩᠬᠠᠷᠬᠤ ᠭᠡᠷᠡᠭᠳᠡᠢ᠃ ᠠᠮᠧᠷᠢᠺᠠ ᠶᠢᠨ ᠥᠩᠭᠡᠷᠡᠭᠰᠡᠨ ᠤ ᠨᠢᠭᠡᠨ ᠰᠤᠳᠤᠯᠭᠠᠨ ᠠᠴᠠ᠂ 50 ᠨᠠᠰᠤ ᠣᠷᠴᠢᠮ ᠤᠨ ᠡᠮᠡᠭᠲᠡᠶᠢᠴᠦᠳ ᠤᠨ ᠴᠢᠰᠤᠨ ᠳᠠᠬᠢ ᠰᠢᠭᠡᠰᠦᠨ ᠬᠦᠴᠢᠯ ᠤᠨ ᠬᠡᠮᠵᠢᠶ᠎ᠡ ᠠᠭᠠᠵᠢᠮ ᠢᠶᠠᠷ ᠳᠡᠭᠡᠭᠰᠢᠯᠡᠳᠡᠭ ᠢ ᠤᠯᠵᠤ ᠮᠡᠳᠡᠪᠡ᠃ ᠡᠶᠢᠮᠦ ᠠᠴᠠ ᠰᠠᠷ᠎ᠠ ᠶᠢᠨ ᠭᠬᠢᠷ ᠠᠷᠢᠯᠤᠭᠰᠠᠨ ᠡᠮᠡᠭᠲᠡᠶᠢᠴᠦᠳ ᠴᠤ ᠲᠤᠯᠠᠢ ᠡᠪᠡᠳᠴᠢᠨ ᠤᠯᠬᠤ ᠲᠦᠭᠰᠢᠬᠦᠷᠢ ᠶᠢ ᠠᠩᠬᠠᠷᠬᠤ ᠬᠡᠷᠡᠭᠲᠡᠢ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ