ᠭᠠᠷᠠᠭ ᠪᠥᠷᠢ ᠬᠡᠳᠦᠢ ᠵᠢᠭᠠᠰᠤ ᠢᠳᠡᠪᠡᠯ ᠲᠣᠬᠢᠷᠠᠮᠵᠢᠲᠠᠢ ᠪᠤᠢ︖ | ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ ᠢᠳᠡᠭᠡᠨ ᠤᠮᠳᠠᠭᠠᠨ ᠤ ᠵᠦᠭᠯᠡᠭᠦᠷ ︵2022︶︾ ᠲᠤ ᠰᠠᠨᠠᠭᠤᠯᠤᠭᠰᠠᠨ ᠨᠢ᠂ ᠭᠠᠷᠠᠭ ᠪᠦᠷᠢ ᠬᠤᠶᠠᠷ | ᠤᠳᠠᠭ᠎ᠠ ᠵᠢᠭᠠᠰᠤ ᠢᠳᠡᠬᠦ ᠪᠤᠶᠤ 300 ~ 500 ᠭᠷᠠᠮ ᠵᠢᠭᠠᠰᠤ ᠢᠳᠡᠪᠡᠯ ᠬᠠᠮᠤᠭ ᠰᠠᠶᠢᠨ᠂ ᠬᠡᠷᠪᠡ ᠡᠳᠦᠷ ᠪᠦᠷᠢ 40 ~75 ᠭᠷᠠᠮ ᠤᠰᠤᠨ ᠭᠠᠷᠤᠯᠲᠠ ᠶᠢᠨ | ᠲᠥᠷᠥᠯ ᠤᠨ ᠢᠳᠡᠭᠡᠨ ᠢᠳᠡᠪᠡᠯ ᠨᠠᠩ ᠰᠠᠶᠢᠨ ᠶᠤᠮ᠃ | ᠵᠢᠭᠠᠰᠤᠨ ᠤ ᠭᠤᠷᠪᠠᠨ ᠶᠡᠭᠡ ᠰᠢᠮ᠎ᠡ ᠲᠡᠵᠢᠭᠡᠯ᠄ 1.ᠤᠭᠤᠷᠠᠭ ᠶᠡᠭᠡᠳᠡᠢ᠂ ᠥᠭᠡᠬᠦ ᠪᠠᠭ᠎ᠠ ᠪᠠᠶᠢᠳᠠᠭ᠂ 2. ᠬᠠᠨᠤᠮᠠᠯ ᠪᠤᠰᠤ ᠥᠭᠡᠬᠦᠨ ᠬᠦᠴᠢᠯ ᠡᠯᠪᠡᠭ | ᠠᠭᠤᠯᠤᠬᠳᠠᠵᠤ ᠪᠠᠶᠢᠳᠠᠭ᠂ 3. ᠸᠢᠲ᠋ᠠᠮᠢᠨ ᠪᠠ ᠡᠷᠦᠳᠡᠰᠦ ᠪᠣᠳᠠᠰ ᠤᠨ ᠠᠭᠤᠯᠤᠭᠳᠠᠴᠠ ᠡᠯᠪᠡᠭ ᠪᠠᠶᠢᠳᠠᠭ᠃ | ᠡᠨᠡ ᠭᠤᠷᠪᠠᠨ ᠵᠦᠢᠯ ᠤᠨ ᠵᠢᠭᠠᠰᠤ ᠶᠢ ᠪᠢᠳᠡᠭᠡᠢ ᠢᠳᠡ | 1. ᠰᠠᠶᠢᠳᠤᠷ ᠴᠢᠨᠠᠵᠦ ᠪᠣᠯᠭᠤᠭᠰᠠᠨ ᠦᠭᠡᠶ ᠵᠢᠭᠠᠰᠤ | ᠰᠠᠶᠢᠳᠤᠷ ᠴᠢᠨᠠᠵᠦ ᠪᠣᠯᠭᠤᠭᠰᠠᠨ ᠦᠭᠡᠶ ᠵᠢᠭᠠᠰᠤ ᠶᠢ ᠢᠳᠡᠪᠡᠯ ᠬᠦᠮᠦᠨ ᠤ ᠪᠡᠶ᠎ᠡ ᠳᠤ ᠰᠢᠮᠡᠭᠦᠷ ᠬᠤᠷᠣᠬᠠᠢ ᠬᠠᠯᠳᠠᠪᠤᠷᠢᠯᠠᠬᠳᠠᠳᠠᠭ᠃ | 2. ᠲᠣᠰᠣᠨ ᠳᠤ ᠬᠡᠲᠦᠷᠡᠲᠡᠯ᠎ᠡ ᠪᠤᠴᠠᠯᠭᠠᠭᠰᠠᠨ ᠵᠢᠭᠠᠰᠤ | ᠵᠢᠭᠠᠰᠤᠨ ᠤ ᠮᠢᠬ᠎ᠠ ᠶᠢ ᠦᠨᠳᠦᠷ ᠬᠠᠯᠠᠭᠤᠨ ᠢᠶᠠᠷ ᠬᠠᠭᠠᠷᠢᠪᠠᠯ ᠴᠢᠯᠦᠭᠡᠳᠦ ᠪᠦᠯᠦᠭ᠂ ᠪᠧᠨ᠋ᠽᠧᠨ ᠵᠡᠷᠭᠡ ᠬᠤᠤᠷᠳᠦ ᠪᠤᠳᠠᠰ ᠬᠢᠭᠡᠳ ᠥᠮᠡᠨ ᠡᠭᠦᠰᠭᠡᠬᠦ | ᠠᠮᠢᠨ ᠤ ᠬᠤᠯᠢᠮᠠᠭ ᠨᠢᠭᠡᠳᠪᠦᠷᠢ ᠶᠢ ᠪᠤᠢ ᠪᠤᠯᠭᠠᠳᠠᠭ᠃ ᠳᠠᠷᠠᠭ᠎ᠠ ᠨᠢ ᠵᠢᠭᠠᠰᠤᠨ ᠤ ᠮᠢᠬᠠᠨ ᠳᠠᠬᠢ ᠤᠭᠤᠷᠠᠭ᠂ ᠸᠢᠲ᠋ᠠᠮᠢᠨ᠂ ᠡᠷᠦᠳᠡᠰᠦ ᠵᠡᠷᠭᠡ ᠨᠢ ᠥᠨᠳᠥᠷ ᠬᠠᠯᠠᠭᠤᠨ | ᠢᠶᠠᠷ ᠬᠠᠭᠠᠷᠢᠬᠤ ᠳᠤ ᠵᠣᠬᠢᠬᠤ ᠬᠡᠮᠵᠢᠶ᠎ᠡ ᠪᠠᠷ ᠡᠪᠳᠡᠭᠳᠡᠳᠡᠭ᠃ | 3.ᠳᠠᠪᠤᠰᠤᠯᠠᠭᠰᠠᠨ ᠵᠢᠭᠠᠰᠤ | ᠵᠢᠭᠠᠰᠤ ᠶᠢ ᠳᠠᠪᠤᠰᠤᠯᠠᠬᠤ ᠶᠠᠪᠤᠴᠠ ᠳᠤ ᠳᠤᠲᠠᠭᠤ ᠠᠽᠣᠲ ᠬᠦᠴᠢᠯ ᠤᠨ ᠳᠠᠪᠤᠰᠤ ᠨᠢ ᠳᠠᠪᠤᠰᠤᠯᠠᠭᠰᠠᠨ ᠪᠦᠲᠦᠭᠡᠭᠳᠡᠬᠦᠨ ᠤ ᠤᠭᠤᠷᠠᠭ ᠤᠨ ᠪᠣᠳᠠᠰ ᠢ | ᠵᠠᠳᠠᠷᠠᠭᠤᠯᠬᠤ ᠠᠮᠢᠨ ᠤ ᠲᠦᠷᠦᠯ ᠤᠨ ᠤᠷᠪᠠᠯ ᠢ ᠪᠦᠷᠢᠯᠳᠦᠬᠦᠯᠵᠦ᠂ ᠳᠤᠲᠠᠭᠤ ᠠᠽᠣᠲ ᠠᠮᠢᠨ ᠢ ᠪᠤᠢ ᠪᠤᠯᠭᠠᠳᠠᠭ᠂ ᠡᠨᠡ ᠬᠦ ᠳᠤᠲᠠᠭᠤ ᠠᠽᠣᠲ ᠠᠮᠢᠨ ᠪᠣᠯ ᠨᠢᠭᠡ | ᠵᠦᠢᠯ ᠤᠨ ᠥᠮᠡᠨ ᠡᠭᠦᠰᠭᠡᠬᠦ ᠬᠦᠴᠦᠳᠡᠢ ᠪᠣᠳᠠᠰ ᠪᠣᠯᠤᠨ᠎ᠠ᠃ | |