ᠨᠡᠷᠡᠰ ᠤᠨ ᠲᠠᠶᠢᠯᠪᠤᠷᠢ | | | 1. ᠨᠢᠭᠡ ᠭᠤᠤᠯ ᠱᠤᠭᠤᠮ᠄ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠭᠤᠤᠯ ᠱᠤᠭᠤᠮ ᠢ ᠵᠢᠭᠠᠨ᠎ᠠ᠃ | 2. ᠬᠤᠶᠠᠷ ᠶᠡᠭᠡ ᠶᠠᠪᠤᠳᠠᠯ᠄ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠠᠷᠪᠠᠨ ᠨᠢᠭᠡᠳᠦᠭᠡᠷ ᠬᠤᠭᠤᠴᠠᠭᠠᠨ ᠤ ᠵᠢᠷᠭᠤᠳᠤᠭᠠᠷ ᠪᠥᠬᠦᠳᠡ | ᠬᠤᠷᠠᠯ ᠠᠴᠠ ᠳᠤᠷᠠᠳᠤᠭᠰᠠᠨ᠂ ᠶᠡᠷᠦᠩᠬᠡᠶ ᠱᠦᠵᠢ ᠰᠢ ᠶᠢᠨ ᠫᠢᠩ ᠤᠨ ᠥᠪᠥᠷ ᠮᠣᠩᠭᠤᠯ ᠳᠤ ᠲᠤᠰᠢᠶᠠᠭᠰᠠᠨ ︽ᠲᠠᠪᠤᠨ ᠶᠡᠭᠡ ᠡᠭᠦᠷᠭᠡ︾ ᠪᠠ ︽ᠵᠢᠱᠢᠶᠡᠴᠢ | ᠥᠪᠡᠷᠲᠡᠭᠡᠨ ᠵᠠᠰᠠᠬᠤ ᠣᠷᠣᠨ︾ ᠢ ᠪᠥᠬᠦ ᠲᠠᠯ᠎ᠠ ᠪᠠᠷ ᠪᠥᠲᠥᠭᠡᠨ ᠪᠠᠶᠢᠭᠤᠯᠬᠤ ᠬᠤᠶᠠᠷ ᠶᠡᠭᠡ ᠶᠠᠪᠤᠳᠠᠯ ᠢ ᠰᠠᠶᠢᠲᠤᠷ ᠬᠢᠬᠦ ᠶᠢ ᠵᠢᠭᠠᠨ᠎ᠠ᠃ | 3. ᠵᠢᠷᠭᠤᠭᠠᠨ ᠢᠨᠵᠧᠨᠧᠷᠢᠩ᠄ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠠᠷᠪᠠᠨ ᠨᠢᠭᠡᠳᠦᠭᠡᠷ ᠬᠤᠭᠤᠴᠠᠭᠠᠨ ᠤ ᠳᠣᠯᠣᠳᠤᠭᠠᠷ ᠪᠦᠭᠦᠳᠡ | ᠬᠤᠷᠠᠯ ᠵᠢᠴᠢ ᠪᠦᠬᠦ ᠤᠷᠤᠨ ᠤ ᠠᠵᠤ ᠠᠬᠤᠢ ᠶᠢᠨ ᠠᠵᠢᠯ ᠬᠤᠷᠠᠯ ᠠᠴᠠ ᠳᠤᠷᠠᠳᠤᠭᠰᠠᠨ ︽ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠬᠤ ᠢᠨᠵᠧᠨᠧᠷᠢᠩ᠂ | ᠡᠯᠡᠰᠦᠷᠬᠡᠭᠵᠢᠯ ᠢ ᠰᠡᠷᠭᠡᠶᠢᠯᠡᠨ ᠡᠯᠡᠰᠦᠷᠬᠡᠭᠵᠢᠯ ᠢ ᠵᠠᠰᠠᠬᠤ ᠪᠠ ᠰᠠᠯᠬᠢᠨ ᠴᠠᠬᠢᠯᠭᠠᠨ ᠭᠡᠷᠡᠯ ᠴᠡᠨᠡᠭ ᠢ ᠨᠢᠭᠡ ᠴᠣᠭᠴᠠᠵᠢᠭᠤᠯᠬᠤ ᠢᠨᠵᠧᠨᠧᠷᠢᠩ᠂ ᠬᠠᠶᠢᠷ᠎ᠠ ᠬᠠᠯᠠᠮᠵᠢ ᠶᠢᠨ | ᠢᠨᠵᠧᠨᠧᠷᠢᠩ᠂ ᠦᠨᠡᠨᠴᠢ ᠢᠲᠡᠭᠡᠮᠵᠢᠲᠦ ᠪᠦᠲᠦᠭᠡᠨ ᠪᠠᠶᠢᠭᠤᠯᠤᠯᠲᠠ ᠶᠢᠨ ᠢᠨᠵᠧᠨᠧᠷᠢᠩ᠂ ᠰᠢᠨᠵᠢᠯᠡᠬᠦ ᠤᠬᠠᠭᠠᠨ ᠮᠡᠷᠭᠡᠵᠢᠯ ᠢᠶᠠᠷ ︿ᠪᠦᠰᠡᠯᠡᠯᠲᠡ ᠰᠢᠪᠲᠤᠯᠬᠤ﹀ | ᠢᠨᠵᠧᠨᠧᠷᠢᠩ ᠪᠠ ᠴᠢᠯᠥᠭᠡᠲᠦ ᠠᠷᠠᠯᠵᠢᠶᠠᠨ ᠤ ᠲᠤᠭᠤᠷᠢᠭ ᠢ ᠡᠭᠦᠳᠦᠨ ᠪᠠᠶᠢᠭᠤᠯᠬᠤ ᠢᠨᠵᠧᠨᠧᠷᠢᠩ︾ ᠢ ᠵᠢᠭᠠᠨ᠎ᠠ᠃ | 4. ᠲᠠᠪᠤᠨ ᠵᠦᠢᠯ ᠤᠨ ᠥᠭᠡᠷᠡᠴᠢᠯᠡᠯᠲᠡ ᠶᠢᠨ ᠰᠡᠳᠦᠪ᠄ ᠬᠤᠲᠠ ᠶᠢᠨ ᠨᠠᠮ ᠤᠨ ᠬᠤᠷᠢᠶᠠᠨ ᠤ ᠳᠤᠷᠠᠳᠤᠭᠰᠠᠨ ︽ᠳᠤᠮᠳᠠᠳᠤ ᠶᠢᠨ ᠦᠨᠳᠦᠰᠦᠲᠡᠨ ᠤ | ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠤᠭᠴᠠᠯᠠᠬᠤ ᠭᠤᠤᠯ ᠱᠤᠭᠤᠮ ᠢ ᠲᠤᠭᠤᠰᠢᠯᠠᠭᠤᠯᠵᠤ᠂ ᠤᠮᠠᠷᠠᠲᠤ ᠬᠢᠯᠢ ᠶᠢᠨ ᠰᠣᠶᠣᠯ ᠤᠨ ᠪᠠᠶᠢᠭᠤᠯᠤᠯᠲᠠ ᠶᠢᠨ | ᠣᠨᠴᠠᠯᠢᠭᠲᠤ ᠲᠦᠷᠦᠯ ᠲᠡᠮᠳᠡᠭ ᠢ ᠬᠦᠴᠦᠯᠡᠨ ᠡᠭᠦᠳᠦᠨ ᠪᠠᠶᠢᠭᠤᠯᠬᠤ︾ ︽ᠨᠤᠲᠤᠭ ᠪᠡᠯᠴᠢᠭᠡᠷ ᠤᠨ ᠳᠠᠭᠠᠭᠠᠴᠠ ᠠᠴᠠ ᠬᠡᠲᠦᠷᠡᠬᠦᠯᠦᠨ ᠬᠡᠳᠤ ᠮᠠᠯᠵᠢᠬᠤ | ᠠᠰᠠᠭᠤᠳᠠᠯ ᠢ ᠰᠢᠰᠲ᠋ᠧᠮ ᠲᠠᠢ ᠰᠤᠳᠤᠯᠤᠨ ᠰᠢᠢᠳᠪᠦᠷᠢᠯᠡᠵᠦ᠂ ᠤᠯᠠᠮᠵᠢᠯᠠᠯᠲᠤ ᠮᠠᠯ ᠠᠵᠤ ᠠᠬᠤᠶ ᠶᠢᠨ ᠬᠡᠯᠪᠡᠷᠢ ᠶᠢ ᠬᠤᠪᠢᠷᠠᠭᠤᠯᠤᠨ ᠲᠠᠰ ᠳᠡᠪᠰᠢᠭᠦᠯᠬᠦ ᠶᠢ | ᠲᠦᠷᠭᠡᠳᠬᠡᠨ ᠠᠬᠢᠭᠤᠯᠬᠤ︾ ︽ᠠᠵᠤ ᠦᠢᠯᠡᠰ ᠤᠨ ᠬᠡᠯᠪᠡᠷᠢ ᠶᠢ ᠬᠤᠪᠢᠷᠠᠭᠤᠯᠤᠨ ᠲᠠᠰ ᠳᠡᠪᠰᠢᠭᠦᠯᠬᠦ ᠶᠢ ᠠᠬᠢᠭᠤᠯᠵᠤ᠂ ᠣᠳᠣᠬᠢᠴᠢᠯᠠᠭᠰᠠᠨ ᠠᠵᠤ ᠦᠢᠯᠡᠰ ᠤᠨ | ᠲᠤᠭᠲᠠᠯᠴᠠᠭ᠎ᠠ ᠶᠢ ᠬᠦᠴᠦᠯᠡᠨ ᠪᠠᠶᠢᠭᠤᠯᠬᠤ︾ ︽ᠨᠡᠶᠢᠭᠡᠮ ᠤᠨ ᠵᠠᠰᠠᠯᠲᠠ ᠶᠢᠨ ᠲᠤᠭᠲᠠᠯᠴᠠᠭ᠎ᠠ ᠪᠠ ᠵᠠᠰᠠᠯᠲᠠ ᠶᠢᠨ ᠴᠢᠳᠠᠪᠤᠷᠢ ᠶᠢᠨ ᠣᠳᠣᠬᠢᠴᠢᠯᠠᠯᠲᠠ ᠶᠢᠨ | ᠲᠦᠪᠰᠢᠨ ᠢ ᠳᠡᠭᠡᠭᠰᠢᠯᠡᠭᠦᠯᠬᠦ︾ ︽ᠠᠷᠠᠳ ᠤᠨ ᠠᠮᠢᠳᠤᠷᠠᠯ ᠤᠨ ᠠᠵᠢᠯ ᠦᠢᠯᠡᠰ ᠢ ᠶᠡᠬᠡᠪᠡᠷ ᠬᠥᠭᠵᠢᠭᠦᠯᠵᠦ᠂ ᠠᠷᠠᠳ ᠤᠨ ᠠᠮᠢᠳᠤᠷᠠᠯ ᠢ ᠪᠠᠲᠤᠯᠠᠨ ᠰᠠᠶᠢᠵᠢᠷᠠᠭᠤᠯᠬᠤ | ᠲᠦᠷᠢᠮ ᠤᠨ ᠲᠤᠭᠲᠠᠯᠴᠠᠭ᠎ᠠ ᠶᠢ ᠪᠦᠷᠢᠨᠰᠢᠭᠦᠯᠬᠦ︾ ᠵᠡᠷᠭᠡ ᠲᠠᠪᠤᠨ ᠵᠦᠢᠯ ᠤᠨ ᠦᠭᠡᠷᠡᠴᠢᠯᠡᠯᠲᠡ ᠶᠢᠨ ᠰᠡᠳᠦᠪ ᠢ ᠵᠢᠭᠠᠨ᠎ᠠ᠃ | 5. ︽ᠳᠠᠭᠤᠳᠠᠪᠠᠯ ᠬᠠᠷᠢᠭᠤ ᠲᠠᠢ︾ ᠲᠦᠷᠦᠯ ᠲᠡᠮᠳᠡᠭ᠄ ᠬᠥᠯᠥᠨ ᠪᠤᠶᠢᠷ ᠤᠨ ᠥᠭᠡᠷᠡᠴᠢᠯᠡᠯᠲᠡ ᠶᠢᠨ ᠠᠵᠢᠯ ᠢ ᠠᠬᠢᠭᠤᠯᠬᠤ ᠶᠠᠪᠤᠴᠠ ᠳᠤ ᠡᠭᠦᠳᠦᠨ | ᠪᠠᠶᠢᠭᠤᠯᠤᠭᠰᠠᠨ ᠨᠢᠭᠡ ᠵᠦᠢᠯ ᠤᠨ ᠠᠵᠢᠯ ᠤᠨ ᠲᠦᠷᠦᠯ ᠲᠡᠮᠳᠡᠭ ᠢ ᠵᠢᠭᠠᠨ᠎ᠠ᠂ ︽ᠬᠦ᠋︾ ᠭᠡᠳᠡᠭ ᠨᠢ ︽ᠬᠥᠯᠥᠨ ᠪᠤᠶᠢᠷ︾ ᠢ ᠵᠢᠭᠠᠬᠤ ᠪᠠᠷ ᠪᠠᠷᠠᠬᠤ ᠥᠬᠡᠶ᠂ ᠪᠠᠰᠠ | ︽ᠤᠷᠢᠶᠠᠯᠠᠭ᠎ᠠ ᠱᠠᠭᠠᠷᠳᠠᠯᠭ᠎ᠠ ᠪᠠ ᠬᠦᠰᠡᠯ ᠨᠠᠶᠢᠳᠠᠯᠭ᠎ᠠ︾ ᠶᠢ ᠵᠢᠭᠠᠨ᠎ᠠ᠂ ᠳᠠᠷᠤᠢ ᠬᠥᠯᠥᠨ ᠪᠤᠶᠢᠷ ᠨᠢ ᠡᠭᠦᠷᠭᠡ ᠬᠠᠷᠢᠭᠤᠴᠠᠯᠭ᠎ᠠ ᠶᠢᠨ ᠤᠷᠢᠶᠠᠯᠠᠭ᠎ᠠ᠂ | ᠠᠰᠠᠭᠤᠳᠠᠯ ᠤᠨ ᠱᠠᠭᠠᠷᠳᠠᠯᠭ᠎ᠠ᠂ ᠨᠡᠶᠢᠭᠡᠮ ᠤᠨ ᠬᠦᠰᠡᠯ ᠨᠠᠶᠢᠳᠠᠯᠭ᠎ᠠ ᠵᠡᠷᠭᠡ ᠳᠤ ᠴᠥᠮ ᠳᠠᠭᠤᠳᠠᠪᠠᠯ ᠵᠠᠪᠠᠯ ᠬᠠᠷᠢᠭᠤ ᠦᠭᠴᠦ᠂ ᠬᠢᠪᠡᠯ ᠵᠠᠪᠠᠯ ᠦᠷ᠎ᠡ ᠳ᠋ᠦᠩ ᠲᠠᠢ | ᠪᠠᠶᠢᠬᠤ ᠶᠢ ᠵᠢᠭᠠᠨ᠎ᠠ᠃ | 6. ᠳᠥᠷᠪᠡᠨ ᠵᠦᠢᠯ ᠤᠨ ᠠᠵᠢᠯᠯᠠᠭᠠᠨ᠄ ᠶᠡᠷᠦᠩᠬᠡᠶ ᠱᠦᠵᠢ ᠰᠢ ᠶᠢᠨ ᠫᠢᠩ ᠤᠨ ᠵᠡᠭᠦᠨ ᠪᠠᠷᠠᠭᠤᠨ ᠣᠷᠣᠨ ᠤ ᠬᠠᠮᠵᠢᠯᠴᠠᠬᠤ ᠠᠵᠢᠯ ᠢ ᠭᠦᠨᠵᠡᠭᠡᠶᠢᠷᠡᠭᠦᠯᠬᠦ | ᠲᠤᠬᠠᠶ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠶᠢᠨ ᠲᠥᠯᠥᠭᠡ᠂ ᠬᠥᠳᠡᠭᠡ ᠠᠵᠤ ᠠᠬᠤᠶ ᠬᠥᠳᠡᠭᠡ ᠲᠣᠰᠬᠤᠨ ᠤ | ᠶᠠᠮᠤᠨ ᠤ ᠳᠤᠷᠠᠳᠤᠭᠰᠠᠨ ︽ᠤᠨᠴᠠᠯᠢᠬᠳᠤ ᠠᠵᠤ ᠦᠢᠯᠡᠰ ᠢ ᠳᠡᠭᠡᠭᠰᠢᠯᠡᠭᠦᠯᠬᠦ᠂ ᠠᠵᠤ ᠦᠢᠯᠡᠰ ᠤᠨ ᠪᠦᠯᠦᠭᠵᠢᠯ ᠢ ᠴᠣᠭᠴᠠᠯᠠᠬᠤ᠂ ᠬᠡᠷᠡᠭᠯᠡᠭᠡ ᠪᠠᠷ ᠣᠷᠣᠯᠭ᠎ᠠ ᠶᠢᠨ | ᠨᠡᠮᠡᠭᠳᠡᠯ ᠢ ᠲᠡᠳᠬᠦᠬᠦ᠂ ᠬᠥᠳᠡᠯᠮᠦᠷᠢ ᠦᠢᠯᠡᠴᠢᠯᠡᠬᠡᠨ ᠤ ᠬᠠᠮᠵᠢᠯᠴᠠᠭ᠎ᠠ ᠶᠢᠨ ᠴᠢᠨᠠᠷ ᠢ ᠳᠡᠭᠡᠭᠰᠢᠯᠡᠭᠦᠯᠬᠦ︾ ᠵᠡᠷᠭᠡ ᠳᠥᠷᠪᠡᠨ ᠵᠦᠢᠯ ᠤᠨ ᠠᠵᠢᠯᠯᠠᠭᠠᠨ ᠢ | ᠦᠷᠨᠢᠭᠦᠯᠬᠦ ᠶᠢ ᠵᠢᠭᠠᠨ᠎ᠠ᠃ | 7. ᠭᠤᠷᠪᠠ ᠶᠢ ᠨᠢᠭᠡ ᠴᠤᠭᠴᠠᠵᠢᠭᠤᠯᠬᠤ᠄ ᠶᠡᠷᠦᠩᠬᠡᠶ ᠱᠦᠵᠢ ᠰᠢ ᠶᠢᠨ ᠫᠢᠩ ᠤᠨ ᠵᠧᠵᠢᠶᠠᠩ ᠳᠤ ᠠᠵᠢᠯᠯᠠᠵᠤ ᠪᠠᠶᠢᠬᠤ ᠳᠤ ᠳᠤᠷᠠᠳᠤᠭᠰᠠᠨ ︽ᠲᠣᠮᠣ | ᠤᠯᠤᠰ ᠵᠢᠵᠢᠭ ᠲᠠᠷᠢᠶᠠᠯᠠᠩ︾ ᠤᠨ ᠤᠯᠤᠰ ᠤᠨ ᠪᠠᠶᠢᠳᠠᠯ ᠪᠠ ᠲᠠᠷᠢᠶᠠᠯᠠᠩ ᠤᠨ ᠪᠠᠶᠢᠳᠠᠯ ᠳᠤ ᠰᠠᠭᠤᠷᠢᠯᠠᠨ᠂ ᠦᠢᠯᠡᠳᠪᠦᠷᠢᠯᠡᠯ᠂ ᠬᠠᠩᠭᠠᠨ ᠪᠣᠷᠣᠯᠠᠭᠤᠯᠭ᠎ᠠ᠂ | ᠢᠲᠡᠭᠡᠮᠵᠢ ︽ᠭᠤᠷᠪᠠ ᠶᠢ ᠨᠢᠭᠡ ᠴᠤᠭᠴᠠᠵᠢᠭᠤᠯᠬᠤ︾ ᠬᠠᠮᠲᠤᠷᠠᠯᠴᠠᠭᠠᠨ ᠤ ᠠᠵᠤ ᠠᠬᠤᠶ ᠶᠢ ᠬᠥᠭᠵᠢᠭᠦᠯᠬᠦ ᠪᠠᠷ ᠳᠠᠮᠵᠢᠭᠤᠯᠤᠨ᠂ ᠮᠠᠯᠴᠢᠨ ᠲᠠᠷᠢᠶᠠᠴᠢᠳ ᠢ | ᠲᠠᠷᠢᠶᠠᠯᠠᠩ ᠮᠠᠯ ᠠᠵᠤ ᠠᠬᠤᠶ ᠶᠢᠨ ᠪᠥᠬᠦ ᠠᠵᠤ ᠦᠢᠯᠡᠰ ᠤᠨ ᠬᠡᠯᠬᠢᠶ᠎ᠡ ᠶᠢᠨ ᠡᠵᠡᠩᠨᠡᠯᠲᠡ ᠳᠤ ᠣᠷᠣᠯᠴᠠᠭᠤᠯᠵᠤ᠂ ᠪᠥᠬᠦ ᠠᠵᠤ ᠦᠢᠯᠡᠰ ᠤᠨ ᠬᠡᠯᠬᠢᠶ᠎ᠡ ᠶᠢᠨ ᠠᠰᠢᠭ | ᠬᠤᠨᠵᠢᠪᠣᠷᠢ ᠶᠢ ᠬᠤᠪᠢᠶᠠᠯᠴᠠᠨ ᠡᠳ᠋ᠯᠡᠭᠦᠯᠵᠦ᠂ ᠬᠥᠳᠡᠭᠡ ᠲᠣᠰᠬᠤᠨ ᠢ ᠪᠥᠬᠦ ᠲᠠᠯ᠎ᠠ ᠪᠠᠷ ᠬᠥᠭᠵᠢᠭᠦᠯᠦᠨ ᠮᠠᠨᠳᠤᠭᠤᠯᠬᠤ᠂ ᠲᠠᠷᠢᠶᠠᠴᠢᠳ ᠢ ᠬᠠᠮᠲᠤ ᠪᠠᠷ | ᠪᠠᠶᠠᠵᠢᠭᠤᠯᠬᠤ ᠶᠢ ᠳᠥᠯᠭᠢᠨ ᠠᠬᠢᠭᠤᠯᠬᠤ ᠶᠢ ᠵᠢᠭᠠᠨ᠎ᠠ᠃ | 8. ︽1+13+30︾ ᠠᠵᠢᠯ ᠤᠨ ᠲᠣᠭᠲᠠᠯᠴᠠᠭ᠎ᠠ᠄ ᠨᠤᠲᠤᠭ ᠪᠡᠯᠴᠢᠭᠡᠷ ᠤᠨ ᠳᠠᠭᠠᠭᠠᠴᠠ ᠠᠴᠠ ᠬᠡᠲᠦᠷᠡᠬᠦᠯᠦᠨ ᠬᠡᠲᠦ ᠮᠠᠯᠵᠢᠬᠤ ᠠᠰᠠᠭᠤᠳᠠᠯ ᠢ | ᠰᠢᠰᠲ᠋ᠧᠮ ᠲᠠᠢ ᠰᠢᠢᠳᠪᠦᠷᠢᠯᠡᠵᠦ᠂ ᠤᠯᠠᠮᠵᠢᠯᠠᠯᠲᠤ ᠮᠠᠯ ᠠᠵᠤ ᠠᠬᠤᠢ ᠶᠢᠨ ᠬᠡᠯᠪᠡᠷᠢ ᠶᠢ ᠬᠤᠪᠢᠷᠠᠭᠤᠯᠤᠨ ᠳᠡᠰ ᠳᠡᠪᠰᠢᠭᠦᠯᠬᠦ ᠶᠢ ᠠᠬᠢᠭᠤᠯᠬᠤ ᠠᠵᠢᠯ ᠤᠨ | ᠲᠣᠭᠲᠠᠯᠴᠠᠭ᠎ᠠ ᠶᠢ ᠵᠢᠭᠠᠵᠤ᠂ 1 ᠭᠤᠣᠯ ᠲᠥᠰᠦᠯ᠂ 13 ᠬᠤᠪᠢᠶᠠᠷᠢ ᠲᠥᠰᠦᠯ᠂ 30 ᠲᠤᠷᠰᠢᠯᠲᠠ ᠶᠢᠨ ᠴᠡᠭ ᠤᠨ ᠭᠠᠴᠠᠭᠠᠨ ᠤ ᠲᠥᠰᠦᠯ ᠢᠶᠠᠷ ᠠᠵᠢᠯ ᠤᠨ | ᠨᠠᠶᠢᠳᠠᠪᠤᠷᠢᠵᠢᠭᠤᠯᠤᠯᠲᠠ ᠶᠢ ᠠᠬᠢᠭᠤᠯᠤᠨ᠎ᠠ᠃ | 9. ︽ᠭᠤᠷᠪᠠ ᠶᠢ ᠬᠤᠪᠢᠷᠠᠭᠤᠯᠬᠤ︾ ᠥᠭᠡᠷᠡᠴᠢᠯᠡᠯᠲᠡ᠄ 2015 ᠣᠨ ᠤ ᠭᠦᠢᠵᠧᠦ ᠮᠤᠵᠢ ᠶᠢᠨ ᠯᠢᠦ ᠫᠠᠨ ᠱᠦᠶ ᠬᠤᠲᠠ ᠶᠢᠨ ᠨᠢᠭᠡᠨ ᠤᠳᠠᠭᠠᠨ ᠤ | ᠠᠮᠵᠢᠯᠲᠠ ᠲᠠᠢ ᠦᠢᠯᠡᠳᠦᠯᠭᠡ ᠠᠴᠠ ᠢᠷᠡᠯᠲᠡ ᠲᠠᠢ ᠪᠠᠶᠢᠵᠤ᠂ ᠡᠬᠢ ᠪᠠᠶᠠᠯᠢᠭ ᠢ ᠡᠳ᠋ ᠬᠥᠷᠥᠩᠭᠡ ᠪᠤᠯᠭᠠᠨ ᠬᠤᠪᠢᠷᠠᠭᠤᠯᠬᠤ᠂ ᠪᠡᠯᠡ ᠮᠥᠩᠭᠦ ᠶᠢ ᠬᠤᠪᠢ | ᠣᠷᠣᠭᠤᠯᠤᠭᠰᠠᠨ ᠮᠥᠩᠭᠦ ᠪᠤᠯᠭᠠᠨ ᠬᠤᠪᠢᠷᠠᠭᠤᠯᠬᠤ᠂ ᠲᠠᠷᠢᠶᠠᠴᠢᠨ ᠢ ᠬᠤᠪᠢ ᠣᠷᠣᠭᠤᠯᠤᠭᠴᠢ ᠪᠤᠯᠭᠠᠨ ᠬᠤᠪᠢᠷᠠᠭᠤᠯᠵᠤ᠂ ᠣᠯᠠᠨ ᠲᠦᠮᠡᠨ ᠢ ᠳᠠᠶᠢᠴᠢᠯᠠᠨ | ᠣᠷᠣᠯᠭ᠎ᠠ ᠶᠢ ᠨᠢ ᠨᠡᠮᠡᠭᠳᠡᠭᠦᠯᠬᠦ ᠶᠢ ᠵᠢᠭᠠᠨ᠎ᠠ᠃ 2017 ᠣᠨ ᠳᠤ᠂ ᠭᠤᠷᠪᠠ ᠶᠢ ᠬᠤᠪᠢᠷᠠᠭᠤᠯᠬᠤ ᠥᠭᠡᠷᠡᠴᠢᠯᠡᠯᠲᠡ ᠶᠢ ᠲᠥᠪ ᠤᠨ ᠨᠢᠭᠡᠳᠦᠭᠡᠷ ᠲᠣᠭᠠᠲᠤ ᠪᠢᠴᠢᠭ | ᠮᠠᠲ᠋ᠧᠷᠢᠶᠠᠯ ᠳᠤ ᠵᠢᠩᠬᠢᠨᠢ ᠪᠠᠷ ᠪᠢᠴᠢᠵᠦ ᠣᠷᠣᠭᠤᠯᠤᠭᠰᠠᠨ ᠨᠢ ᠬᠥᠳᠡᠭᠡ ᠲᠣᠰᠬᠤᠨ ᠤ ᠬᠠᠮᠲᠤ ᠶᠢᠨ ᠥᠮᠴᠢᠯᠡᠯ ᠤᠨ ᠡᠷᠬᠡ ᠶᠢᠨ ᠲᠦᠷᠢᠮ ᠤᠨ ᠥᠭᠡᠷᠡᠴᠢᠯᠡᠯᠲᠡ ᠶᠢ | ᠭᠦᠨᠵᠡᠭᠡᠶᠢᠷᠡᠭᠦᠯᠬᠦ ᠴᠢᠬᠤᠯᠠ ᠠᠷᠭ᠎ᠠ ᠬᠡᠮᠵᠢᠶ᠎ᠡ ᠪᠣᠯᠤᠭᠰᠠᠨ ᠪᠠᠶᠢᠨ᠎ᠠ᠃ | 10. ︽ᠨᠢᠭᠡ ᠵᠢᠷᠤᠭ︾ ︽ᠨᠢᠭᠡ ᠰᠦᠯᠵᠢᠶ᠎ᠡ︾᠄ ︽ᠨᠢᠭᠡ ᠵᠢᠷᠤᠭ︾ ᠨᠢ ᠪᠥᠬᠦ ᠬᠤᠲᠠ ᠶᠢᠨ ᠠᠮᠢ ᠠᠬᠤᠶ ᠶᠢᠨ ᠣᠷᠴᠢᠨ ᠬᠠᠮᠠᠭᠠᠯᠠᠯᠲᠠ ᠶᠢᠨ ᠣᠳᠣᠬᠢ | ᠪᠠᠶᠢᠳᠠᠯ ᠪᠠ ᠭᠤᠤᠯᠳᠠᠯᠭ᠎ᠠ ᠲᠠᠢ ᠠᠵᠢᠯ ᠤᠨ ᠡᠭᠦᠷᠭᠡ ᠶᠢ ᠨᠢᠭᠡ ᠵᠢᠷᠤᠭ ᠳᠡᠭᠡᠷ᠎ᠡ ᠲᠥᠪᠯᠡᠷᠡᠭᠦᠯᠦᠨ ᠵᠢᠷᠤᠭᠯᠠᠵᠤ᠂ ᠬᠥᠯᠥᠨ ᠪᠤᠶᠢᠷ ᠤᠨ ᠠᠮᠢ ᠠᠬᠤᠶ ᠶᠢᠨ ᠣᠷᠴᠢᠨ | ᠲᠣᠭᠤᠷᠢᠨ ᠤ ︽ᠡᠳ᠋ ᠬᠤᠭᠰᠢᠯ︾ ᠢ ᠪᠥᠬᠦ ᠲᠠᠯ᠎ᠠ ᠪᠠᠷ ᠳᠡᠯᠭᠡᠨ ᠢᠯᠡᠷᠡᠭᠦᠯᠬᠦ ᠶᠢ ᠵᠢᠭᠠᠵᠤ ᠪᠣᠶ︔ ︽ᠨᠢᠭᠡ ᠰᠦᠯᠵᠢᠶ᠎ᠡ︾ ᠨᠢ ᠪᠥᠬᠦ ᠬᠤᠲᠠ ᠶᠢᠨ ᠠᠮᠢ ᠠᠬᠤᠶ ᠶᠢᠨ | ᠣᠷᠴᠢᠨ ᠲᠣᠭᠤᠷᠢᠨ ᠤ ᠬᠦᠷᠢᠶ᠎ᠡ ᠴᠠᠷᠠᠭᠠᠨ ᠳᠠᠬᠢ ᠳ᠋ᠠᠶᠢᠲ᠋ᠠ ᠶᠢᠨ ᠡᠬᠢ ᠪᠠᠶᠠᠯᠢᠭ ᠢ ᠡᠮᠬᠢᠯᠡᠨ ᠨᠡᠶᠢᠯᠡᠭᠦᠯᠵᠦ ᠬᠠᠮᠲᠤ ᠪᠠᠷ ᠬᠦᠷᠲᠡᠵᠦ᠂ ᠪᠥᠬᠦ ᠡᠯᠧᠮᠧᠨ᠋ᠲ᠂ ᠪᠥᠬᠦ ᠲᠠᠯ᠎ᠠ᠂ | ᠪᠥᠬᠦ ᠬᠦᠷᠢᠶ᠎ᠡ ᠴᠠᠷᠠᠭ᠎ᠠ ᠶᠢᠨ ︽ᠣᠭᠲᠠᠷᠭᠤᠶ ᠭᠠᠵᠠᠷ︾ ᠢ ᠨᠢᠭᠡ ᠴᠣᠭᠴᠠᠵᠢᠭᠤᠯᠤᠨ ᠬᠢᠨᠠᠨ ᠬᠠᠮᠢᠶᠠᠷᠬᠤ ᠲᠤᠤᠷ ᠰᠦᠯᠵᠢᠶ᠎ᠡ ᠶᠢ ᠪᠠᠶᠢᠭᠤᠯᠵᠤ᠂ ᠬᠠᠮᠢᠶ᠎ᠠ ᠪᠥᠬᠦᠶ | ᠰᠠᠯᠠᠭ᠎ᠠ ᠮᠥᠴᠢᠷ ᠤᠨ ᠲᠤᠬᠠᠶᠢᠯᠠᠭᠰᠠᠨ ᠠᠵᠢᠯ ᠤᠨ ᠠᠭᠤᠰᠤᠯᠴᠠᠯ᠂ ᠬᠠᠤᠯᠢ ᠬᠡᠷᠡᠭᠵᠢᠭᠦᠯᠦᠯᠲᠡ ᠶᠢᠨ ᠬᠠᠮᠵᠢᠯᠴᠠᠭ᠎ᠠ᠂ ᠬᠢᠨᠠᠯᠲᠠ ᠲᠠᠯᠪᠢᠯᠲᠠ ᠶᠢᠨ ᠨᠡᠪᠲᠡᠷᠡᠯᠴᠡᠯ ᠢ | ᠠᠬᠢᠭᠤᠯᠬᠤ ᠶᠢ ᠵᠢᠭᠠᠨ᠎ᠠ᠃ | 11. ᠠᠭᠤᠰᠤᠯᠴᠠᠯ ᠤᠨ ᠵᠠᠮ᠄ ᠲᠦᠸᠧᠪᠠ ᠰᠢᠶᠡᠨᠪᠢ ᠡᠮᠦᠨᠡᠰᠢ ᠨᠡᠭᠦᠳᠡᠯᠯᠡᠵᠦ ᠳᠤᠮᠳᠠᠳᠤ ᠤᠷᠤᠨ ᠤ ᠪᠣᠯᠪᠠᠰᠤᠨ ᠳᠤ ᠠᠭᠤᠰᠤᠯᠴᠠᠬᠤ ᠵᠠᠮ ᠱᠤᠭᠤᠮ ᠢ | ᠵᠢᠭᠠᠵᠤ᠂ ᠬᠥᠯᠥᠨ ᠪᠤᠶᠢᠷ ᠠᠴᠠ ᠮᠣᠷᠳᠠᠵᠤ᠂ ᠬᠥᠬᠡᠬᠤᠲᠠ᠂ ᠳ᠋ᠠᠲ᠋ᠦ᠋ᠩ᠂ ᠯᠦᠸᠧᠶᠠᠩ ᠵᠡᠷᠭᠡ ᠭᠠᠵᠠᠷ ᠢᠶᠠᠷ ᠦᠩᠭᠡᠷᠡᠪᠡ᠃ | 12. ᠬᠤᠣᠰ ᠨᠡᠮᠡᠭᠳᠡᠯ ᠬᠤᠣᠰ ᠪᠠᠭᠤᠷᠠᠯ᠄ ᠴᠠᠬᠢᠯᠭᠠᠨ ᠬᠤᠯᠪᠣᠭ᠎ᠠ ᠰᠦᠯᠵᠢᠶᠡᠨ ᠤ ᠮᠡᠬᠡᠯᠡᠯ ᠤᠨ ᠬᠡᠷᠡᠭ ᠢ ᠰᠢᠢᠳᠪᠦᠷᠢᠯᠡᠭᠰᠡᠨ ᠲᠤᠭ᠎ᠠ᠂ ᠶᠠᠯ᠎ᠠ ᠬᠢᠭᠰᠡᠨ | ᠰᠡᠵᠢᠭᠳᠡᠨ ᠢ ᠪᠠᠷᠢᠪᠴᠢᠯᠠᠭᠰᠠᠨ ᠲᠤᠭ᠎ᠠ ᠨᠢ ᠠᠳᠠᠯᠢ ᠬᠤᠭᠤᠴᠠᠭᠠᠨ ᠤ ᠬᠢ ᠠᠴᠠ ᠨᠡᠮᠡᠭᠳᠡᠵᠦ᠂ ᠬᠡᠷᠡᠭ ᠭᠠᠷᠤᠭᠰᠠᠨ ᠲᠤᠭ᠎ᠠ᠂ ᠬᠤᠬᠢᠷᠠᠯ ᠤᠨ ᠲᠤᠭ᠎ᠠ ᠨᠢ ᠠᠳᠠᠯᠢ | ᠬᠤᠭᠤᠴᠠᠭᠠᠨ ᠤ ᠬᠢ ᠠᠴᠠ ᠪᠠᠭᠤᠷᠠᠭᠰᠠᠨ ᠢ ᠵᠢᠭᠠᠵᠤ ᠪᠠᠶᠢᠨ᠎ᠠ᠃ | 13. ᠵᠢᠷᠭᠤᠭᠠᠨ ᠠᠵᠢᠯᠯᠠᠭᠠᠨ᠄ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ ᠶᠢᠨ ᠠᠷᠪᠠᠨ ᠨᠢᠭᠡᠳᠦᠭᠡᠷ ᠬᠤᠭᠤᠴᠠᠭᠠᠨ ᠤ ᠶᠢᠰᠦᠳᠦᠭᠡᠷ ᠪᠥᠬᠦᠳᠡ | ᠬᠤᠷᠠᠯ ᠵᠢᠴᠢ ᠪᠥᠬᠦ ᠣᠷᠣᠨ ᠤ ᠠᠵᠤ ᠠᠬᠤᠶ ᠶᠢᠨ ᠠᠵᠢᠯ ᠤᠨ ᠬᠤᠷᠠᠯ ᠳᠡᠭᠡᠷ᠎ᠡ ᠳᠤᠷᠠᠳᠤᠭᠰᠠᠨ ︽ᠴᠢᠬᠤᠯᠠ ᠶᠡᠭᠡ ᠲᠥᠷᠥᠯ ᠵᠦᠢᠯ ᠢ ᠲᠥᠰᠦᠪᠯᠡᠬᠦ ᠠᠵᠢᠯᠯᠠᠭᠠᠨ᠂ | ᠠᠵᠤ ᠠᠬᠤᠶᠢᠯᠠᠯ ᠢ ᠲᠤᠰᠠᠯᠠᠬᠤ ᠠᠵᠢᠯᠯᠠᠭᠠᠨ᠂ ᠠᠵᠢᠯ ᠣᠯᠭᠤᠯᠲᠠ ᠶᠢ ᠠᠬᠢᠭᠤᠯᠬᠤ ᠠᠵᠢᠯᠯᠠᠭᠠᠨ᠂ ᠤᠰᠤ ᠠᠷᠪᠢᠯᠠᠬᠤ ᠠᠵᠢᠯᠯᠠᠭᠠᠨ᠂ ᠣᠷᠣᠨ ᠪᠦᠰᠡ ᠶᠢᠨ | ᠬᠠᠮᠲᠤᠷᠠᠯᠴᠠᠭ᠎ᠠ ᠶᠢ ᠭᠦᠨᠵᠡᠭᠡᠶᠢᠷᠡᠭᠦᠯᠬᠦ ᠠᠵᠢᠯᠯᠠᠭᠠᠨ ᠪᠠ ᠤᠮᠠᠷᠠᠲᠤ ᠬᠢᠯᠢ ᠶᠢᠨ ᠰᠣᠶᠣᠯ ᠤᠨ ᠪᠠᠶᠢᠭᠤᠯᠤᠯᠲᠠ ᠶᠢ ᠳᠡᠭᠡᠭᠰᠢᠯᠡᠭᠦᠯᠬᠦ ᠠᠵᠢᠯᠯᠠᠭᠠᠨ︾ ᠢ ᠵᠢᠭᠠᠨ᠎ᠠ᠃ | 14. ᠨᠢᠭᠡ ᠬᠠᠷᠠᠯᠲᠠ᠂ ᠬᠤᠶᠠᠷ ᠲᠤᠯᠭᠠᠭᠤᠷᠢᠯᠠᠯ᠂ ᠭᠤᠷᠪᠠᠨ ᠠᠵᠤ ᠦᠢᠯᠡᠰ᠄ ︽ᠤᠯᠤᠰ ᠤᠨ ᠲᠠᠰ ᠤᠨ ᠣᠲᠣ ᠦᠶ᠎ᠡ ᠶᠢᠨ ᠡᠨᠧᠷᠭᠢ ᠶᠢᠨ ᠠᠵᠤ | ᠠᠬᠤᠶ ᠶᠢᠨ ᠵᠢᠱᠢᠶ᠎ᠡ ᠦᠵᠡᠭᠦᠯᠬᠦ ᠬᠤᠲᠠ ᠶᠢ ᠪᠠᠶᠢᠭᠤᠯᠬᠤ︾ ᠬᠠᠷᠠᠯᠲᠠ ᠶᠢ ᠪᠡᠶᠡᠯᠡᠭᠦᠯᠬᠦ ᠳᠤ ᠠᠩᠬᠠᠷᠤᠯ ᠢᠶᠠᠨ ᠲᠥᠪᠯᠡᠷᠡᠭᠦᠯᠵᠦ᠂ ︽ᠳᠠᠪᠠᠭᠠᠨ ᠤ ᠪᠠᠷᠠᠭᠤᠨᠳᠡᠬᠢ | ᠬᠥᠯᠥᠨ ᠪᠤᠶᠢᠷ ᠤᠨ ᠠᠵᠤ ᠠᠬᠤᠶ ᠮᠡᠷᠭᠡᠵᠢᠯ ᠤᠨ ᠨᠡᠭᠡᠭᠡᠯᠲᠡ ᠶᠢᠨ ᠲᠣᠭᠤᠷᠢᠭ᠂ ᠳᠠᠪᠠᠭᠠᠨ ᠤ ᠵᠡᠭᠦᠨᠳᠡᠬᠢ ᠠᠷᠤᠨ ᠬᠤᠰᠢᠭᠤᠨ ᠤ ᠠᠵᠤ ᠦᠢᠯᠡᠳᠪᠦᠷᠢ ᠶᠢᠨ | ᠬᠦᠷᠢᠶᠡᠯᠡᠩ ᠲᠣᠭᠤᠷᠢᠭ︾ ᠬᠤᠶᠠᠷ ᠶᠡᠭᠡ ᠲᠤᠯᠭᠠᠭᠤᠷᠢᠯᠠᠯ ᠤᠨ ᠲᠣᠭᠤᠷᠢᠨ ᠳᠤ᠂ ︽ᠰᠠᠯᠬᠢ ᠬᠡᠷᠡᠯ ᠤᠰᠤᠲᠥ᠋ᠷᠥᠭᠴᠢ ᠬᠠᠳᠠᠭᠠᠯᠠᠬᠤ ᠰᠢᠨ᠎ᠡ ᠡᠨᠧᠷᠭᠢ᠂ ᠰᠢᠨ᠎ᠡ | ᠡᠨᠧᠷᠭᠢᠲᠦ ᠲᠤᠨᠤᠭᠯᠠᠯ ᠦᠢᠯᠡᠳᠬᠦ ᠵᠢᠴᠢ ᠲᠤᠬᠢᠷᠠᠭᠤᠯᠤᠨ ᠠᠵᠢᠯᠯᠠᠭᠤᠯᠬᠤ᠂ ᠰᠢᠨ᠎ᠡ ᠡᠨᠧᠷᠭᠢ ᠶᠢ ᠢᠵᠢ ᠲᠦᠭᠦᠷᠵᠢᠬᠦᠯᠦᠨ ᠣᠷᠣᠭᠤᠯᠤᠨ ᠠᠪᠴᠢᠷᠠᠬᠤ︾ ᠭᠤᠷᠪᠠᠨ | ᠲᠥᠷᠥᠯ ᠤᠨ ᠠᠵᠤ ᠦᠢᠯᠡᠰ ᠢ ᠴᠤᠭᠴᠠᠯᠠᠬᠤ ᠶᠢ ᠵᠢᠭᠠᠨ᠎ᠠ᠃ | 15. ᠨᠢᠭᠡ ᠬᠥᠨᠳᠡᠯᠡᠨ ᠬᠤᠶᠠᠷ ᠭᠤᠯᠳᠤ ᠲᠠᠪᠤᠨ ᠴᠠᠭᠠᠷᠢᠭ᠄ ︽ᠨᠢᠭᠡ ᠬᠥᠨᠳᠡᠯᠡᠨ︾ ᠪᠣᠯ ︽ᠳᠤᠮᠳᠠᠳᠤ ᠳᠣᠷᠣᠨᠠᠲᠤ ᠶᠢᠨ ᠲᠡᠮᠦᠷ ᠵᠠᠮ︾ ᠤᠨ ᠪᠠᠭᠤᠷᠢ | ᠦᠯᠡᠳᠡᠭᠳᠡᠯ ᠤᠨ ᠤᠯᠤᠰ ᠤᠨ ᠵᠢᠭᠤᠯᠴᠢᠯᠠᠯ ᠤᠨ ᠦᠵᠡᠮᠵᠢ ᠶᠢᠨ ᠵᠠᠮ︔ ︽ᠬᠤᠶᠠᠷ ᠭᠤᠯᠳᠤ︾ ᠪᠣᠯ ᠶᠡᠭᠡ ᠬᠢᠩᠭᠠᠨ ᠳᠠᠪᠠᠭ᠎ᠠ ᠶᠢᠨ ᠤᠯᠤᠰ ᠤᠨ ᠵᠢᠭᠤᠯᠴᠢᠯᠠᠯ ᠤᠨ | ᠦᠵᠡᠮᠵᠢ ᠶᠢᠨ ᠵᠠᠮ ᠪᠠ ᠬᠠᠮᠤᠭ ᠤᠨ ᠭᠤᠶᠣ 331 ᠬᠢᠯᠢ ᠶᠢᠨ ᠵᠢᠭᠤᠯᠴᠢᠯᠠᠯ ᠤᠨ ᠵᠠᠰᠠᠮᠠᠯ ᠵᠠᠮ︔ ︽ᠲᠠᠪᠤᠨ ᠴᠠᠭᠠᠷᠢᠭ︾ ᠪᠣᠯ ᠰᠤᠳᠤᠨ ᠰᠣᠩᠭᠤᠳᠠᠭ ᠣᠶ | ᠰᠢᠭᠤᠶ ᠶᠢᠨ ᠲᠠᠯ᠎ᠠ ᠨᠤᠲᠤᠭ ᠤᠨ ᠵᠢᠭᠤᠯᠴᠢᠯᠠᠯ ᠤᠨ ᠴᠠᠭᠠᠷᠢᠭ ᠱᠤᠭᠤᠮ᠂ ᠬᠠᠮᠤᠭ ᠤᠨ ᠭᠤᠶᠣ ᠲᠠᠯ᠎ᠠ ᠨᠤᠲᠤᠭ ᠤᠨ ᠵᠢᠭᠤᠯᠴᠢᠯᠠᠯ ᠤᠨ ᠴᠠᠭᠠᠷᠢᠭ ᠱᠤᠭᠤᠮ᠂ | ᠬᠠᠮᠤᠭ ᠤᠨ ᠭᠤᠶᠣ ᠬᠢᠩᠭᠠᠨ ᠳᠠᠪᠠᠭ᠎ᠠ ᠶᠢᠨ ᠵᠢᠭᠤᠯᠴᠢᠯᠠᠯ ᠤᠨ ᠴᠠᠭᠠᠷᠢᠭ ᠱᠤᠭᠤᠮ᠂ ᠲᠠᠪᠤᠨ ᠲᠠᠩᠰᠤᠭ ᠬᠥᠯᠥᠨ ᠪᠤᠶᠢᠷ ᠤᠨ ᠵᠢᠭᠤᠯᠴᠢᠯᠠᠯ ᠤᠨ ᠴᠠᠭᠠᠷᠢᠭ ᠱᠤᠭᠤᠮ᠂ | ᠤᠮᠠᠷᠠᠲᠤ ᠥᠷᠭᠡᠷᠢᠭ ᠤᠨ 49 ᠭᠷᠠᠳᠦ᠋ᠰ ᠤᠨ ᠵᠢᠭᠤᠯᠴᠢᠯᠠᠯ ᠤᠨ ᠴᠠᠭᠠᠷᠢᠭ ᠱᠤᠭᠤᠮ ᠪᠣᠯᠤᠨ᠎ᠠ᠃ |