ᠲᠠᠪᠤᠨ ᠬᠤᠰᠢᠭᠤ ᠮᠠᠯ ᠢᠶᠠᠨ ᠮᠠᠯᠵᠢᠵᠤ᠂ ᠡᠬᠡ ᠪᠠᠶᠢᠭᠠᠯᠢ ᠪᠠᠨ ᠳᠡᠭᠡᠳᠦᠯᠡᠵᠦ ᠢᠷᠡᠭᠰᠡᠨ ᠮᠠᠯᠴᠢᠨ ᠠᠷᠠᠳ ᠤᠨ ᠮᠠᠨᠢ ᠨᠡᠭᠦᠳᠡᠯ ᠮᠠᠯᠵᠢᠯ ᠤᠨ ᠰᠣᠶᠣᠯ | ᠢᠷᠭᠡᠨᠰᠢᠯ ᠳᠤ ︽ᠴᠡᠭᠡᠷ︾ ᠬᠡᠮᠡᠬᠦ ᠨᠢᠭᠡᠨ ᠬᠠᠲᠠᠭᠤᠬᠠᠨ ᠶᠣᠰᠣ ᠪᠠᠶᠢᠳᠠᠭ ᠶᠤᠮᠰᠠᠨ᠃ | ᠭᠡᠲᠡᠯ᠎ᠡ ᠨᠡᠶᠢᠭᠡᠮ ᠠᠵᠤ ᠠᠬᠤᠢ ᠶᠢᠨ ᠬᠥᠭᠵᠢᠯᠲᠡ᠂ ᠴᠠᠭ ᠦᠶ᠎ᠡ ᠶᠢᠨ ᠭᠦ᠋ᠴᠤᠲᠣ ᠤᠷᠤᠰᠬᠠᠯ ᠢ ᠳᠠᠭᠠᠯᠳᠤᠨ᠂ ᠥᠨᠥ ᠪᠤᠯᠬᠤ ᠳᠤ ᠤᠯᠠᠮᠵᠢᠯᠠᠯᠲᠤ | ᠠᠮᠢᠳᠤᠷᠠᠯ ᠲᠠᠢ ᠪᠠᠨ ᠤᠰᠤ ᠴᠠᠰᠤ ᠰᠢᠭ᠋ ᠠᠭᠤᠰᠤᠯᠴᠠᠵᠤ ᠪᠠᠶᠢᠳᠠᠭ ᠴᠡᠭᠡᠷ ᠶᠣᠰᠣᠨ ᠤ ᠲᠤᠬᠠᠢ ᠵᠠᠷᠢᠮ ᠨᠢᠭᠡ ᠤᠴᠢᠷ ᠤᠳᠬ᠎ᠠ ᠨᠢ ᠪᠠᠷᠤᠭ ᠪᠦᠷ ᠣᠷᠣ ᠮᠥᠷ | ᠦᠭᠡᠢ ᠪᠤᠯᠲᠠᠯ᠎ᠠ ᠪᠠᠨ ᠠᠷᠢᠯᠬᠤ ᠬᠡᠮᠵᠢᠶᠡᠨ ᠳᠤ ᠬᠦᠷᠴᠡᠢ᠃ | ︽ᠬᠠᠭᠤᠴᠢᠨ ᠶᠠᠭᠤᠮ᠎ᠠ ᠤᠯᠠ ᠪᠣᠯᠵᠤ᠂ ᠰᠢᠨ᠎ᠡ ᠶᠠᠭᠤᠮ᠎ᠠ ᠵᠤᠯᠠ ᠪᠤᠯᠲᠠᠭ︾ ᠤᠨ ᠵᠢᠮ᠎ᠡ ᠪᠠᠷ ᠴᠤ ᠭᠡᠬᠦ ᠤᠤ ᠳ᠋ᠠ᠂ ᠪᠢᠲᠡᠨ ᠤ ᠤᠯᠠᠮᠵᠢᠯᠠᠯᠲᠤ ᠠᠮᠢᠳᠤᠷᠠᠯ ᠤᠨ | ᠶᠣᠰᠣ ᠵᠠᠩᠰᠢᠯ ᠳᠤ ᠰᠢᠨ᠎ᠡ ᠡᠷᠭᠢᠯᠲᠡ ᠭᠠᠷᠴᠤ ᠯᠡ ᠪᠠᠶᠢᠨ᠎ᠠ᠃ ᠡᠨᠡ ᠴᠤ ᠠᠷᠭ᠎ᠠ ᠦᠭᠡᠢ ᠯᠠ ᠵᠢᠮ᠎ᠡ ᠶᠣᠰᠣᠨ᠎ᠠ ᠨᠡᠶᠢᠴᠡᠬᠦ ᠤᠴᠢᠷ ᠪᠤᠯᠬᠤ ᠶᠤᠮ᠃ | ᠠᠲᠡ ᠪᠢ ᠲᠡᠷᠡ ᠪᠦᠭᠦᠲᠠ ᠶᠢ ᠶᠠᠷᠢᠮᠠᠷ ᠦᠭᠡᠢ ᠪᠠᠶᠢᠨ᠎ᠠ᠃ ᠬᠠᠷᠢᠨ ᠡᠪᠦᠯ ᠤᠨ ᠢᠳᠡᠰᠢᠨ ᠤ ᠦᠶ᠎ᠡ ᠪᠠᠷ ᠰᠡᠳᠬᠢᠯ ᠳᠤ ᠠᠶ᠎ᠠ ᠮᠠᠭᠤᠲᠠᠶᠢᠬᠠᠨ ᠰᠠᠨᠠᠭᠳᠠᠭᠰᠠᠨ | ᠮᠠᠯ ᠨᠢᠲᠤᠯᠬᠤ ᠲᠤᠬᠠᠢ ᠤᠴᠢᠷ ᠢᠶᠠᠷ ᠵᠢᠱᠢᠶ᠎ᠡ ᠠᠪᠴᠤ᠂ ᠴᠡᠭᠡᠷ ᠶᠣᠰᠣᠨ ᠤ ᠲᠤᠬᠠᠢ ᠬᠡᠳᠦᠨ ᠦᠭᠡ ᠬᠡᠯᠡᠬᠦ ᠶᠢ ᠰᠠᠨᠠᠯ᠎ᠠ᠃ | ᠪᠢᠳᠡᠨ ᠤ ᠡᠪᠦᠭᠡ ᠳᠡᠭᠡᠳᠦᠰ ᠪᠠᠶᠢᠭᠠᠯᠢ ᠣᠷᠴᠢᠨ ᠲᠠᠢ ᠪᠠᠨ ᠵᠣᠬᠢᠴᠠᠵᠤ ᠠᠮᠢᠳᠤᠷᠠᠬᠤ ᠲᠠᠯ᠎ᠠ ᠪᠠᠷ ᠮᠠᠰᠢ ᠶᠡᠭᠡ ᠤᠬᠠᠭᠠᠯᠢᠭ ᠤᠯᠤᠰ ᠪᠠᠶᠢᠭᠰᠠᠨ ᠢ ᠲᠡᠦᠬᠡ | ᠭᠡᠷᠡᠴᠢᠯᠡᠨ᠎ᠡ᠃ ᠡᠨᠡ ᠨᠢ ᠮᠥᠨ ᠴᠤ ᠪᠢᠳᠡ ᠨᠠᠷ ᠤᠨ ᠲᠠᠪᠤᠨ ᠬᠤᠰᠢᠭᠤ ᠮᠠᠯ ᠢᠶᠠᠨ ᠭᠠᠷᠰᠢᠭᠤᠯᠵᠤ ᠮᠠᠯᠵᠢᠵᠤ ᠢᠷᠡᠭᠰᠡᠨ ᠲᠡᠦᠬᠡ ᠰᠣᠶᠣᠯ ᠲᠠᠢ ᠠᠭᠠᠷ ᠨᠢᠭᠡᠲᠡᠢ | ᠪᠠᠶᠢᠵᠤ ᠲᠠᠭᠠᠷᠠᠨ᠎ᠠ᠃ ᠪᠤᠲᠤᠬᠤᠯᠠ ᠠᠮᠢ ᠭᠤᠣᠯ ᠲᠠᠢ ᠶᠠᠭᠤᠮ᠎ᠠ ᠶᠢ ᠠᠷᠠᠴᠢᠯᠠᠵᠤ ᠲᠡᠵᠢᠭᠡᠳᠡᠭ ᠪᠣᠯᠬᠤᠷ ᠬᠠᠶᠢᠷ᠎ᠠ ᠰᠡᠳᠬᠢᠯ ᠤᠨ ᠢᠵᠢᠯᠢᠰᠢᠯ ᠬᠢᠭᠡᠳ ᠠᠮᠢ ᠨᠠᠰᠤ ᠶᠢ | ᠬᠦᠨᠳᠦᠳᠬᠡᠬᠦ ᠳᠡᠭᠡᠳᠦ ᠲᠦᠪᠰᠢᠨ ᠤ ᠦᠵᠡᠯ ᠤᠬᠠᠮᠰᠠᠷ ᠲᠠᠢ ᠠᠴᠠ ᠪᠣᠯᠤᠭᠰᠠᠨ ᠪᠠᠶᠢᠬᠤ ᠤᠴᠢᠷᠲᠠᠢ᠃ᠶᠠᠭ ᠡᠭᠦᠨ ᠠᠴᠠ ᠪᠣᠯᠤᠭᠰᠠᠨ ᠪᠠᠶᠢᠬ᠎ᠠ︕ ᠮᠠᠨᠠᠶᠢᠬᠢᠨ ᠶᠡᠷᠦ ᠨᠢ | ᠡᠪᠦᠯ ᠤᠨ ᠢᠳᠡᠰᠢ ᠪᠠᠨ ᠲᠥᠬᠦᠭᠡᠷᠬᠦ ᠳᠤ ᠮᠠᠯ ᠢᠶᠠᠨ ᠬᠤᠷᠤᠭ᠎ᠠ ᠬᠠᠰᠢᠶᠠᠨ ᠠᠴᠠ ᠪᠠᠨ ᠨᠢᠭᠡ ᠬᠤᠶᠠᠷ ᠢᠶᠠᠷ ᠠᠪᠴᠢᠷᠠᠨ᠂ ᠲᠠᠶᠢᠪᠤᠩ ᠠᠮᠤᠭᠤᠯᠠᠩ ᠢᠶᠠᠷ ᠲᠡᠭᠷᠢ | ᠬᠠᠷᠠᠭᠤᠯᠬᠤ ᠡᠭᠦᠳᠡᠨ ᠠᠴᠠ ᠬᠤᠨᠢ ᠢᠮᠠᠭ᠎ᠠ ᠶᠢ ᠨᠢ ᠥᠷᠥᠴᠡᠯᠡᠵᠦ᠂ ᠦᠬᠡᠷ ᠢ ᠰᠢᠯᠢᠯᠡᠵᠤ ᠨᠢᠲᠤᠯᠤᠨ᠂ ᠲᠥᠬᠦᠭᠡᠷᠴᠦ ᠪᠤᠢ ᠮᠠᠯ ᠤᠨ ᠢᠶᠠᠨ ᠲᠣᠯᠣᠭᠠᠢ ᠶᠢ ᠭᠦᠷᠲᠡᠯ᠎ᠡ | ᠬᠤᠶᠢᠰᠢ ᠬᠠᠨᠳᠤᠭᠤᠯᠬᠤ ᠶᠢ ᠬᠢᠴᠢᠶᠡᠳᠡᠭ ᠵᠠᠩᠰᠢᠯ ᠲᠠᠢ ᠪᠢᠯᠡ᠃ ᠬᠠᠷᠢᠨ ᠨᠢᠲᠤᠯᠬᠤ ᠮᠠᠯ ᠢ ᠢᠵᠢᠯᠢ ᠶᠢᠨ ᠬᠢᠨᠢ ᠬᠠᠵᠠᠭᠤ ᠳᠤ ᠴᠢᠰᠤ ᠨᠥᠵᠢ ᠶᠢ ᠨᠢ | ᠭᠤᠭᠤᠵᠢᠭᠤᠯᠤᠨ ᠠᠯᠠᠵᠤ ᠨᠢᠲᠤᠯᠬᠤ᠂ ᠨᠢᠲᠤᠯᠤᠭᠰᠠᠨ ᠮᠠᠯ ᠤᠨ ᠴᠢᠰᠤ ᠨᠦᠵᠢᠨ ᠳᠡᠭᠡᠷ᠎ᠡ ᠭᠢᠰᠬᠢᠬᠦ ᠶᠢ ᠶᠡᠬᠡᠳᠡ ᠴᠡᠭᠡᠷᠯᠡᠨ᠂ ᠮᠠᠯ ᠤᠨ ᠵᠠᠶᠠᠭ᠎ᠠ ᠶᠢ ᠭᠤᠮᠣᠳᠠᠭᠠᠭᠰᠠᠨ | ᠪᠤᠯᠠᠢ ᠲᠠᠢ ᠨᠢᠭᠦᠯ ᠬᠡᠮᠡᠨ ᠦᠵᠡᠵᠦ᠂ ᠢᠯᠠᠩᠭᠤᠶ᠎ᠠ ᠴᠢᠰᠤ ᠰᠡᠪᠡᠰᠦ ᠶᠢ ᠨᠢ ᠮᠠᠯ ᠬᠠᠷ᠎ᠠ ᠶᠢᠨ ᠵᠠᠮ ᠮᠥᠷ ᠠᠴᠠ ᠵᠠᠶᠢᠳᠠᠭᠤ ᠭᠤᠤ ᠰᠤᠪᠠᠭ ᠪᠤᠶᠤ ᠬᠤᠩᠬᠤᠷ ᠰᠢᠭ᠋ | ᠭᠠᠵᠠᠷ ᠪᠤᠯᠠᠵᠤ ᠬᠠᠶᠠᠨ᠂ ᠬᠠᠮᠢᠶ᠎ᠠ ᠨᠠᠮᠢᠶ᠎ᠠ ᠦᠭᠡᠢ ᠢᠯᠠ ᠬᠠᠶᠠᠭᠰᠠᠨ ᠠᠴᠠ ᠪᠣᠯᠵᠤ ᠦᠬᠡᠷ ᠪᠢᠷᠠᠭᠤ ᠢᠷᠡᠵᠤ ᠦᠨᠦᠷᠯᠡᠨ ᠮᠥᠭᠡᠷᠡᠯᠳᠦᠵᠦ ᠤᠯᠠᠩᠭᠠᠰᠬᠤ ᠠᠴᠠ | ᠰᠡᠷᠭᠡᠶᠢᠯᠡᠳᠡᠭ᠃ | ᠣᠳᠣ ᠪᠤᠯᠬᠤ ᠳᠤ ᠮᠠᠯ ᠨᠢᠲᠤᠯᠬᠤ ᠡᠳᠡᠭᠡᠷ ᠴᠡᠭᠡᠷ ᠶᠣᠰᠣ ᠬᠥᠳᠡᠭᠡ ᠣᠷᠣᠨ ᠨᠤᠲᠤᠭ ᠲᠤ ᠶᠡᠬᠡᠳᠡ ᠬᠦᠨᠳᠦᠳᠬᠡᠯ ᠲᠠᠢ ᠤᠯᠠᠮᠵᠢᠯᠠᠭᠳᠠᠨ ᠶᠠᠪᠤᠭᠳᠠᠵᠤ | ᠪᠠᠶᠢᠬᠤ ᠪᠤᠯᠪᠠᠴᠤ ᠬᠤᠳᠠ ᠪᠠᠯᠭᠠᠰᠤᠨ ᠤ ᠠᠯᠠᠰᠢᠨ ᠤ ᠭᠠᠵᠠᠷ ᠢᠶᠠᠷ ᠪᠣᠯ ᠬᠠᠷᠢᠨ ᠪᠦᠷᠢᠮᠦᠰᠦᠨ ᠠᠯᠳᠠᠭᠳᠠᠵᠤ᠂ ᠦᠨᠡᠬᠡᠷ ᠴᠤ ᠨᠢᠭᠡ ︽ᠨᠢᠳᠦ ᠤᠯᠠᠭᠠᠨ ᠮᠥᠩᠭᠦ | ᠴᠠᠭᠠᠨ︾ ᠭᠡᠲᠡᠭ ᠤᠨ ᠤᠴᠢᠷ ᠪᠣᠯᠵᠠᠢ᠃ | ᠲᠡᠭᠡᠭᠡᠵᠦ ᠠᠪᠴᠢᠷᠠᠭᠰᠠᠨ ᠦᠬᠡᠷ ᠢ ᠮᠠᠰᠢᠨ ᠲᠡᠷᠭᠡᠨ ᠤ ᠣᠩᠭᠤᠴᠠᠨ ᠳᠡᠭᠡᠷ᠎ᠡ ᠠᠴᠠ ᠲᠣᠯᠣᠭᠠᠢ ᠶᠢ ᠨᠢ ᠤᠨᠵᠢᠢᠯᠭᠠᠨ ᠪᠠᠶᠢᠵᠤ ᠰᠢᠭᠤᠳ ᠰᠢᠯᠢᠯᠡᠭᠦ ᠳᠤ᠂ | ᠬᠠᠮᠲᠤ ᠲᠡᠭᠡᠭᠡᠪᠦᠷᠢᠯᠡᠵᠦ ᠠᠪᠴᠢᠷᠠᠭᠰᠠᠨ ᠨᠦᠭᠦᠭᠡ ᠭᠡᠲᠤ ᠨᠢ ᠣᠩᠭᠤᠴᠠᠨ ᠤ ᠡᠰᠡᠷᠭᠦ ᠲᠠᠯ᠎ᠠ ᠶᠢᠨ ᠥᠨᠴᠥᠭ ᠲᠤ ᠨᠢᠳᠦ ᠪᠠᠨ ᠪᠦᠯᠲᠡᠭᠡᠨᠡᠭᠦᠯᠦᠨ ᠴᠡᠴᠡᠷᠬᠢᠯᠡᠨ | ᠵᠣᠭᠰᠣᠵᠤ᠂ ᠠᠮᠢ ᠲᠠᠯᠪᠢᠭᠳᠠᠵᠤ ᠪᠠᠶᠢᠭ᠎ᠠ ᠨᠢᠭᠡᠨ ᠤ ᠪᠠᠨ ᠮᠥᠭᠡᠷᠡᠬᠦ ᠲᠠᠭᠤᠨ ᠢᠶᠠᠷ ᠪᠦᠷ ᠴᠤ ᠠᠶᠢᠳᠠᠰ ᠪᠠᠯᠠᠭᠳᠠᠯ ᠢᠶᠠᠷ ᠳᠦᠭᠦᠷᠳᠡᠭ ᠪᠠᠶᠢᠨ᠎ᠠ᠃ ᠵᠠᠶᠠᠭ᠎ᠠ ᠮᠠᠭᠤ ᠳᠠᠭᠠᠨ | ᠴᠤ ᠪᠣᠯᠤᠭ᠂ ︽ᠦᠭᠡ ᠬᠡᠯᠡᠵᠦ ᠴᠢᠳᠠᠬᠤ ᠦᠭᠡᠢ ᠠᠴᠠ ᠪᠢᠰᠢ︾ ᠮᠠᠯ ᠳᠤ ᠪᠠᠰᠠ ᠠᠮᠢ ᠭᠤᠣᠯ ᠪᠠᠶᠢᠭ᠎ᠠ ᠰᠢᠤ ᠳ᠋ᠠ⁈ | ᠶᠠᠷᠢᠶᠠᠨ ᠦᠭᠡᠢ ᠡᠨᠡ ᠪᠦᠭᠦᠨ ᠳᠤ ᠵᠠᠷᠢᠮ ᠭᠠᠵᠠᠷ ᠣᠷᠣᠨ ᠤ ᠵᠠᠰᠠᠭ ᠤᠨ ᠭᠠᠵᠠᠷ ᠠᠴᠠ ︽ᠠᠯᠠᠰᠢᠨ ᠤ ᠭᠠᠵᠠᠷ︾ ᠤᠨ ᠡᠮᠬᠢ ᠳᠢᠭᠯᠢᠮ᠂ ᠶᠣᠰᠣ ᠳᠦᠷᠢᠮ ᠢ | ᠨᠢᠭᠡᠳᠦᠯᠲᠡᠢ ᠰᠠᠶᠢᠬᠠᠨ ᠵᠣᠬᠢᠴᠠᠭᠤᠯᠤᠨ ᠰᠢᠢᠳᠪᠦᠷᠢᠯᠡᠵᠦ ᠴᠢᠳᠠᠭᠰᠠᠨ ᠦᠭᠡᠢ ᠤᠴᠢᠷ ᠪᠠᠶᠢᠵᠤ ᠮᠡᠳᠡᠨ᠎ᠡ᠃ ᠪᠠᠰᠠ ᠮᠠᠨ ᠤ ᠮᠠᠯᠴᠢᠳ ᠵᠠᠬ᠎ᠠ ᠳᠡᠯᠭᠡᠭᠦᠷ ᠤᠨ ᠠᠵᠤ | ᠠᠬᠤᠢ ᠶᠢᠨ ᠵᠢᠮ᠎ᠡ ᠶᠣᠰᠣ ᠪᠠᠷ ᠮᠠᠯ ᠢᠶᠠᠨ ᠦᠨ᠎ᠡ ᠳᠤ ᠬᠦᠷᠭᠡᠵᠦ ᠬᠡᠳᠦᠨ ᠮᠥᠩᠭᠦ ᠢᠯᠡᠭᠦᠦ ᠣᠯᠬᠤ ᠭᠡᠳ ᠠᠷᠭ᠎ᠠ ᠦᠭᠡᠢ ᠪᠠᠶᠢᠳᠠᠯ ᠤᠨ ᠳᠣᠣᠷ᠎ᠠ ᠪᠠᠰᠠ ᠲᠡᠭᠡᠭᠡᠳ | ᠪᠡᠶ᠎ᠡ ᠶᠢᠨ ᠠᠮᠠᠷ ᠢᠶᠠᠨ ᠪᠤᠲᠤᠵᠤ᠂ ᠠᠯᠢ ᠲᠦᠷᠭᠡᠨ ᠢᠶᠠᠷ ᠬᠤᠳᠠᠯᠳᠤᠵᠤ ᠭᠠᠷᠭᠠᠬᠤ ᠶᠢ ᠰᠠᠨᠠᠳᠠᠭ ᠤᠴᠢᠷ ᠴᠤ ᠪᠠᠶᠢᠵᠤ ᠮᠡᠳᠡᠨ᠎ᠡ᠃ ᠭᠡᠪᠡᠴᠦ ᠮᠠᠯᠴᠢᠨ ᠤᠳᠤᠮ ᠲᠠᠢ | ᠪᠢᠳᠡ ︽ᠮᠠᠯ ᠤᠨ ᠵᠠᠶᠠᠭ᠎ᠠ ᠭᠤᠮᠣᠳᠠᠨᠠ︾ ᠭᠡᠲᠡᠭ ᠬᠡᠴᠡᠭᠦᠦ ᠨᠢᠭᠡᠨ ᠴᠡᠭᠡᠷ ᠶᠣᠰᠣ ᠪᠠᠨ ᠮᠡᠲᠡᠵᠤ᠂ ᠵᠠᠰᠠᠭ ᠤᠨ ᠲᠠᠯ᠎ᠠ ᠴᠤ ᠪᠣᠯᠤᠭ᠂ ᠮᠠᠨ ᠤ ᠮᠠᠯᠴᠢᠳ ᠴᠤ ᠪᠣᠯᠤᠭ | ᠬᠤᠶᠠᠷ ᠲᠠᠯ᠎ᠠ ᠪᠠᠷ ᠢᠶᠠᠨ ᠢᠳᠡᠪᠬᠢᠲᠡᠢ ᠠᠷᠭ᠎ᠠ ᠪᠣᠳᠣᠯᠭ᠎ᠠ ᠰᠦᠪᠡᠭᠴᠢᠯᠡᠨ᠂ ᠡᠶᠢᠮᠦᠷᠬᠦᠦ ᠴᠡᠭᠡᠷ ᠶᠣᠰᠣ ᠶᠢ ᠲᠡᠷᠰᠯᠡᠭᠰᠡᠨ ᠠᠷᠭ᠎ᠠ ᠭᠡᠯᠪᠡᠷᠢ ᠪᠠᠨ ᠰᠢᠨᠵᠢᠯᠡᠬᠦ | ᠤᠬᠠᠭᠠᠨᠴᠢ ᠪᠠᠷ ᠥᠭᠡᠷᠡᠴᠢᠯᠡᠪᠡᠯ ᠵᠣᠬᠢᠨ᠎ᠠ᠃ | ᠣᠶᠢᠷ᠎ᠠ ᠶᠢᠨ ᠵᠢᠯ ᠤᠳ ᠢᠶᠠᠷ ᠮᠠᠯ ᠡᠵᠡᠨ ᠢᠶᠠᠨ ᠮᠥᠷᠭᠦᠵᠦ ᠰᠢᠷᠬᠠᠲᠤᠭᠤᠯᠤᠨ᠂ ᠴᠢᠨᠠᠭᠰᠢᠯᠠᠪᠠᠯ ᠠᠮᠢ ᠨᠠᠰᠤ ᠶᠢ ᠨᠢ ᠬᠤᠷᠣᠭᠠᠭᠰᠠᠨ ᠤᠴᠢᠷ ᠴᠤ ᠬᠠᠶᠠ | ᠭᠠᠷᠴᠤ ᠪᠠᠶᠢᠭᠰᠠᠨ ᠶᠤᠮ᠃ ᠡᠶᠢᠮᠦᠷᠬᠦᠦ ᠬᠠᠷᠠᠰᠠᠯᠲᠤ ᠪᠠᠶᠢᠳᠠᠯ ᠳᠤ ᠪᠢᠳᠡ ᠵᠦᠪᠭᠡᠨ ︽ᠡᠨᠡ ᠮᠠᠭᠤᠰᠠᠶᠢᠨ ᠮᠠᠯ ᠤᠨ᠂ ᠠᠳᠠᠭ ᠨᠢ ᠬᠥᠭᠡᠷᠦᠬᠦᠢ ᠡᠵᠡᠨ ᠢᠶᠠᠨ ᠭᠦᠷᠲᠡᠯ᠎ᠡ | ᠲᠠᠨᠢᠬᠤ ᠦᠭᠡᠢ᠂ ᠲᠡᠨᠡᠭ ᠮᠡᠨᠡᠭ ᠭᠡᠲᠡᠯ᠎ᠡ ᠬᠤᠭᠤᠰᠤᠨ ᠢᠳᠡᠬᠦ ᠶᠢ ᠮᠡᠲᠡᠨ᠎ᠡ ᠁︾ ᠭᠡᠳ ᠶᠠᠭᠤ ᠪᠣᠯᠭᠠᠨ ᠢ ᠮᠠᠯ ᠳᠡᠭᠡᠷ᠎ᠡ ᠪᠠᠨ ᠲᠤᠬᠤᠵᠣ ᠬᠠᠷᠢᠶᠠᠯ ᠵᠦᠬᠡᠯ | ᠲᠠᠯᠪᠢᠨ ᠬᠠᠷᠠᠳᠠᠵᠤ ᠴᠣᠬᠢᠭᠠᠳ ᠪᠤᠯᠬᠤ ᠪᠢᠰᠢ᠂ ᠬᠠᠷᠢᠨ ᠵᠠᠷᠢᠮ ᠤᠴᠢᠷ ᠶᠠᠪᠤᠳᠠᠯ ᠢ ᠵᠠᠪᠠᠯ ᠡᠵᠡᠨ ᠤ ᠬᠢᠨᠢ ᠤᠶᠢᠯᠡ ᠬᠢᠳᠡᠯ ᠠᠴᠠ ᠨᠢ ᠴᠤ ᠪᠠᠰᠠ ᠪᠣᠳᠣᠯᠬᠢᠯᠠᠬᠤ | ᠴᠢᠬᠤᠯᠠᠲᠠᠢ᠃ | ᠠᠮᠢᠳᠤᠷᠠᠯ ᠳᠤ ᠶᠡᠷᠦ ᠨᠢ ᠴᠡᠭᠡᠷ ᠶᠣᠰᠣᠨ ᠬᠡᠷᠡᠭᠲᠡᠢ᠃ ᠤᠯᠠᠮᠵᠢᠯᠠᠯᠲᠤ ᠴᠡᠭᠡᠷ ᠶᠣᠰᠣᠨ ᠳᠤ ᠶᠠᠭᠤ ᠪᠠᠷ ᠴᠤ ᠰᠣᠯᠢᠰᠢ ᠦᠭᠡᠢ ᠡᠷᠬᠢᠮ ᠨᠠᠨᠳᠢᠨ ᠵᠦᠢᠯᠡᠰ | ᠪᠠᠶᠢᠳᠠᠭ᠃ ᠤᠯᠠᠮᠵᠢᠯᠠᠯᠲᠤ ᠨᠠᠨᠳᠢᠨ ᠵᠦᠢᠯᠡᠰ ᠢᠶᠠᠨ ᠲᠠᠶᠠᠭᠳᠠᠵᠤ᠂ ᠠᠰᠢᠭ ᠢ ᠯᠠ ᠬᠠᠷᠠᠵᠤ ᠮᠥᠩᠭᠦ ᠶᠢ ᠯᠠ ᠬᠥᠭᠡᠭᠡᠴᠡᠯᠳᠦᠬᠦ ᠶᠤᠮ ᠪᠣᠯ ᠪᠤᠶᠠᠨ ᠵᠠᠶᠠᠭ᠎ᠠ ᠴᠢᠨᠢ | ᠬᠠᠵᠠᠶᠢᠬᠤ ᠨᠢ ᠵᠦᠪᠭᠡᠨ ᠴᠠᠭ ᠤᠨ ᠤᠴᠢᠷ ᠲᠡᠳᠦᠢ ᠪᠠᠶᠢᠵᠤ ᠮᠡᠳᠡᠨ᠎ᠠ᠃ |