ᠬᠥᠯᠥᠨ ᠪᠤᠶᠢᠷ ᠤᠨ ᠱᠧᠩ ᠲᠦᠩ ᠰᠢᠬᠢᠷ ᠤᠨ ᠦᠢᠯᠡᠰ ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠬᠢᠵᠠᠭᠠᠷᠲᠤ ᠺᠣᠮᠫᠠᠨᠢ ᠶᠢᠨ ᠰᠢᠬᠢᠷ ᠯᠤᠤᠪᠠᠩ | ᠤᠭᠢᠶᠠᠭᠰᠠᠨ ᠤᠰᠤᠨ ᠤ ᠡᠷᠭᠢᠯᠲᠡ ᠶᠢᠨ ᠰᠢᠰᠲ᠋ᠧᠮ ᠨᠢ ᠪᠣᠬᠢᠷ ᠤᠰᠤ ᠶᠢ ᠴᠡᠪᠡᠷᠰᠢᠭᠦᠯᠦᠭᠰᠡᠨ ᠤ ᠳᠠᠷᠠᠭᠠᠬᠢ ᠳᠠᠬᠢᠮᠠᠯ ᠤᠰᠤ ᠪᠠᠷ ᠭᠤᠣᠯ ᠤᠰᠤᠨ ᠰᠣᠷᠪᠣᠯᠵᠢ | ᠪᠣᠯᠭᠠᠵᠤ᠂ ᠲᠤᠰ ᠺᠣᠮᠫᠠᠨᠢ ᠨᠢ ᠤᠰᠤ ᠠᠷᠪᠢᠯᠠᠬᠤ ᠲᠡᠷᠢᠭᠦᠨ ᠤ ᠲᠥᠬᠦᠭᠡᠷᠦᠮᠵᠢ ᠶᠢ ᠣᠷᠣᠭᠤᠯᠤᠨ ᠠᠪᠴᠢᠷᠠᠵᠤ ᠬᠤᠭᠤᠰᠤᠮ ᠳᠠᠷᠤᠯᠲᠠ ᠪᠠᠷ ᠤᠰᠤ ᠴᠠᠷᠴᠠᠭᠠᠬᠤ᠂ | ᠳᠠᠬᠢᠮᠠᠯ ᠤᠰᠤ ᠶᠢ ᠡᠷᠭᠢᠯᠳᠦᠭᠦᠯᠦᠨ ᠠᠰᠢᠭᠯᠠᠬᠤ ᠰᠢᠰᠲ᠋ᠧᠮ ᠢᠶᠠᠨ ᠥᠭᠡᠷᠡᠴᠢᠯᠡᠨ ᠰᠢᠨᠡᠳᠬᠡᠭᠰᠡᠨ ᠢᠶᠠᠷ ᠨᠣᠭᠤᠭ᠎ᠠ ᠤᠬᠢᠶᠠᠭᠰᠠᠨ ᠤᠰᠤ ᠶᠢ ᠲᠤᠩᠭᠠᠨ ᠰᠠᠯᠭᠠᠭᠠᠳ | 60% ᠶᠢ ᠨᠢ ᠡᠷᠭᠢᠯᠳᠦᠭᠦᠯᠦᠨ ᠠᠰᠢᠭᠯᠠᠵᠤ ᠪᠣᠯᠬᠤ ᠪᠣᠯᠭᠠᠪᠠ᠂ ᠰᠢᠬᠢᠷ ᠯᠤᠤᠪᠠᠩ ᠤᠬᠢᠶᠠᠭᠰᠠᠨ ᠬᠠᠶᠠᠭᠳᠠᠮᠠᠯ ᠤᠰᠤ ᠪᠠ ᠦᠢᠯᠡᠳᠪᠦᠷᠢᠯᠡᠯ ᠤᠨ | ᠭᠠᠳᠠᠭᠰᠢᠯᠠᠭᠤᠯᠤᠭᠰᠠᠨ ᠪᠣᠬᠢᠷ ᠤᠰᠤ ᠶᠢ ᠬᠠᠳᠠᠭᠠᠯᠠᠬᠤ ᠴᠥᠭᠦᠷᠥᠮ ᠳᠤ ᠲᠤᠩᠭᠠᠵᠤ ᠰᠢᠢᠳᠪᠦᠷᠢᠯᠡᠭᠡᠳ ᠲᠠᠷᠢᠶᠠᠨ ᠭᠠᠵᠠᠷ ᠤᠨ ᠤᠰᠤᠯᠠᠯᠲᠠ ᠶᠢᠨ ᠪᠠᠷᠢᠮᠵᠢᠶ᠎ᠠ ᠳᠤ | ᠬᠦᠷᠭᠡᠭᠰᠡᠨ ᠢᠶᠠᠷ ᠵᠢᠯ ᠪᠦᠷᠢ 30 - 50 ᠲᠦᠮᠡᠨ ᠺᠦᠪ ᠮᠧᠲᠷ ᠤᠰᠤ ᠶᠢ ᠬᠠᠳᠠᠭᠠᠯᠠᠵᠤ᠂ ᠡᠷᠭᠦᠨ᠎ᠡ ᠬᠤᠲᠠ ᠶᠢᠨ ᠡᠷᠬᠢᠨ ᠲᠣᠭᠤᠷᠢᠨ ᠤ 2.5 ᠲᠦᠮᠡᠨ ᠮᠦ | ᠲᠠᠷᠢᠶᠠᠨ ᠭᠠᠵᠠᠷ ᠤᠨ ᠤᠰᠤᠯᠠᠯᠲᠠ ᠳᠤ ᠠᠰᠢᠭᠯᠠᠵᠤ ᠪᠣᠯᠬᠤ ᠪᠣᠯᠣᠨ᠎ᠠ᠃ ᠣᠳᠣᠬᠠᠨ ᠳᠤ᠂ ᠲᠣᠰ ᠺᠣᠮᠫᠠᠨᠢ ᠶᠢᠨ 1 ᠲᠣᠨ ᠰᠢᠬᠢᠷ ᠦᠢᠯᠡᠳᠪᠦᠷᠢᠯᠡᠬᠦ ᠳᠤ ᠬᠡᠷᠡᠭᠰᠡᠬᠦ | ᠴᠡᠪᠡᠷ ᠤᠰᠤᠨ ᠤ ᠵᠠᠷᠤᠴᠠᠭᠤᠯᠤᠭ᠎ᠠ 0.8 ᠺᠦᠪ ᠮᠧᠲᠷ ᠠᠴᠠ ᠪᠠᠭ᠎ᠠ ᠪᠣᠯᠵᠤ᠂ ᠥᠪᠡᠷᠲᠡᠭᠡᠨ ᠵᠠᠰᠠᠬᠤ ᠣᠷᠣᠨ ᠤ ᠠᠵᠢᠯ ᠲᠥᠷᠥᠯ ᠤᠨ ᠬᠡᠷᠡᠭᠰᠡᠬᠦ ᠤᠰᠤᠨ ᠤ | ᠲᠣᠭᠲᠠᠭᠰᠠᠨ ᠨᠣᠷᠮ᠎ᠠ ᠶᠢᠨ ᠪᠠᠷᠢᠮᠵᠢᠶ᠎ᠠ ᠠᠴᠠ ᠬᠤᠯᠠ ᠳᠣᠣᠷ᠎ᠠ ᠪᠠᠶᠢᠵᠤ᠂ ᠰᠢᠬᠢᠷ ᠯᠤᠤᠪᠠᠩ ᠢᠶᠠᠷ ᠰᠢᠬᠢᠷ ᠦᠢᠯᠡᠳᠬᠦ ᠠᠵᠢᠯ ᠲᠥᠷᠥᠯ ᠤᠨ ᠤᠰᠤ ᠠᠷᠪᠢᠯᠠᠬᠤ ᠳᠤ 5 | ᠺᠦᠪ ᠮᠧᠲᠷ / ᠲᠣᠨ ᠤᠨ ᠪᠠᠷᠢᠮᠵᠢᠶ᠎ᠠ ᠨᠢ ᠳᠠᠭᠠᠭᠤᠯᠬᠤ ᠬᠢᠷᠢ ᠲᠦᠪᠰᠢᠨ ᠪᠣᠯᠪᠠ᠃ |