ᠵᠤᠵᠠᠭᠠᠨ ᠴᠠᠰᠤ ᠬᠤᠴᠢᠭᠰᠠᠨ ᠥᠨᠳᠥᠷ ᠴᠠᠭᠠᠨ ᠮᠠᠩᠬᠠᠨ ᠳᠤ ᠨᠣᠮᠢᠨ ᠨᠠᠷᠠᠰᠤ ᠨᠤᠭᠤᠳ ᠰᠦᠭᠯᠡᠶᠢᠵᠦ᠂ ᠭᠤᠷᠪᠠ ᠶᠢᠰᠦ ᠶᠢᠨ ᠬᠦᠢᠲᠡᠨ ᠳᠤ ᠪᠤᠯᠠᠭ ᠤᠨ | ᠤᠰᠤ ᠨᠢ ᠣᠷᠭᠢᠯᠤᠨ ᠤᠨᠢᠶᠠᠷᠲᠤᠨ᠂ ᠠᠭᠤᠷ ᠰᠠᠪᠰᠠᠭᠤᠯᠤᠨ ᠤᠷᠤᠰᠤᠭᠰᠠᠨ ︽ᠨᠠᠷᠠᠰᠤᠨ ᠪᠤᠯᠠᠭ︾ ᠭᠡᠳᠡᠭ ᠭᠠᠵᠠᠷ ᠰᠢᠯᠤᠭᠤᠨ ᠬᠥᠬᠡ ᠶᠢᠨ ᠰᠢᠷᠭᠠᠯ ᠡᠯᠡᠰᠦᠨ ᠳᠠᠬᠢ | ᠰᠠᠩ ᠤᠨ ᠲᠠᠯᠠᠢ ᠨᠤᠲᠤᠭ ᠲᠤ ᠪᠠᠶᠢᠳᠠᠭ᠃ | ᠪᠠᠭ᠋ᠠᠷᠬᠠᠯᠳᠤ ᠦᠵᠡᠰᠭᠦᠯᠡᠩ ᠨᠤᠲᠤᠭ ᠨᠠᠷᠠᠰᠤᠨ ᠪᠤᠯᠠᠭ ᠤᠨ ᠢᠶᠠᠨ ᠮᠥᠩᠬᠡ ᠤᠡᠳᠤᠷᠤᠯ ᠢᠶᠠᠷ ᠪᠡᠯᠭᠡᠳᠡᠭᠰᠡᠨ ︽ᠨᠠᠷᠠᠰᠤᠨ ᠪᠤᠯᠠᠭ ᠰᠣᠶᠣᠯ ᠤᠨ ᠨᠠᠭᠠᠳᠤᠮ︾ | ᠵᠢᠯ ᠤᠨ ᠥᠩᠭᠡ᠂ ᠠᠮᠢᠳᠤᠷᠠᠯ ᠤᠨ ᠵᠢᠷᠭᠠᠯ ᠢᠶᠠᠨ ᠪᠡᠯᠭᠡᠳᠡᠭᠡᠳ ᠵᠢᠯ ᠪᠦᠷᠢ ᠶᠠᠪᠤᠭᠳᠠᠭᠰᠠᠭᠠᠷ ᠯᠡ᠃ | ᠰᠤᠮᠤᠨ ᠤ ᠨᠠᠭᠠᠳᠤᠮ ᠰᠠᠶᠢᠬᠠᠨ᠂ ᠰᠣᠶᠣᠯ ᠤᠨ ᠨᠠᠭᠠᠳᠤᠮ ᠨᠢ ᠨᠡᠩ ᠰᠠᠶᠢᠬᠠᠨ ᠭᠤᠶᠤ᠃ ᠳᠡᠭᠡᠷ᠎ᠡ ᠵᠠᠭᠤᠨ ᠤ ᠶᠡᠷᠡᠭᠡᠳ ᠣᠨ ᠳᠤ ᠰᠢᠯᠤᠭᠤᠨ ᠬᠥᠬᠡ ᠬᠤᠰᠢᠭᠤᠨ ᠤ | ᠰᠠᠩ ᠤᠨ ᠲᠠᠯᠠᠢ ᠰᠤᠮᠤᠨ ᠤ ᠰᠣᠶᠣᠯ ᠤᠨ ᠥᠷᠲᠡᠭᠡᠨ ᠤ ᠬᠥᠲᠥᠯᠪᠦᠷᠢ ᠠᠵᠢᠯᠯᠠᠭᠠᠨ ᠤ ᠲᠣᠮᠣ ᠦᠷᠤᠭᠡ ᠶᠢᠨ ᠬᠠᠨᠠᠨ ᠳᠡᠭᠡᠷ᠎ᠡ ᠥᠩᠭᠡ ᠶᠢᠨ ᠴᠠᠭᠠᠰᠤᠨ ᠳᠡᠭᠡᠷ᠎ᠡ | ᠦᠰᠤᠨ ᠪᠢᠷ ᠢᠶᠠᠷ ︽ᠨᠠᠷᠠᠰᠤᠨ ᠪᠤᠯᠠᠭ ᠰᠣᠶᠣᠯ ᠨᠠᠭᠠᠳᠤᠮ︾ ᠭᠡᠵᠦ ᠳᠤᠷᠠᠶᠢᠲᠠᠯ᠎ᠠ ᠪᠢᠴᠢᠵᠦ᠂ ᠨᠠᠢᠮᠠᠨ ᠵᠦᠭ ᠤᠨ ᠨᠠᠭᠠᠳᠤᠮᠴᠢᠳ ᠳᠦᠭᠦᠷᠲᠡᠯ᠎ᠡ ᠴᠤᠭᠯᠠᠷᠠᠭᠠᠳ᠂ ᠲᠡᠷᠡ | ᠤᠳᠠᠭᠠᠨ ᠤ ᠰᠣᠶᠣᠯ ᠤᠨ ᠨᠠᠶᠢᠷ ᠨᠢᠵᠢᠭᠢᠷ ᠶᠠᠪᠤᠭᠳᠠᠭᠰᠠᠨ᠃ ᠲᠡᠪᠡᠯ ᠭᠤᠳᠤᠯ ᠢᠶᠠᠷ ᠢᠶᠠᠨ ᠭᠤᠶᠤᠵᠤ᠂ ᠳᠡᠯᠭᠡᠷ ᠰᠣᠶᠣᠯ ᠢᠶᠠᠷ ᠢᠶᠠᠨ ᠭᠠᠩᠭᠠᠷᠠᠭᠰᠠᠨ ᠮᠠᠯᠴᠢᠨ | ᠲᠦᠮᠡᠨ ᠤ ᠥᠪ ᠰᠣᠶᠣᠯ ᠢᠶᠠᠨ ᠳᠡᠭᠡᠳᠦᠯᠡᠭᠰᠡᠨ ᠡᠨᠡ ᠰᠠᠶᠢᠬᠠᠨ ᠨᠠᠶᠢᠷ ᠭᠤᠴᠢ ᠭᠠᠷᠤᠢ ᠵᠢᠯ ᠢᠩᠭᠢᠵᠦ ᠠᠷᠠᠳ ᠢᠶᠠᠨ ᠪᠠᠶᠠᠰᠬᠠᠨ᠂ ᠨᠤᠲᠤᠭ ᠢᠶᠠᠨ ᠪᠠᠶᠠᠰᠬᠠᠨ | ᠦᠷᠭᠦᠯᠵᠢᠯᠡᠭᠰᠡᠭᠡᠷ᠃ | ᠥᠷᠯᠥᠭᠡ ᠶᠢᠨ 8 ᠴᠠᠭ ᠠᠴᠠ ᠡᠬᠢᠯᠡᠵᠦ᠂ ᠣᠷᠣᠢ ᠶᠢᠨ 5 ᠴᠠᠭ ᠭᠦᠷᠳᠡᠯ᠎ᠡ ᠦᠷᠭᠦᠯᠵᠢᠯᠡᠭᠰᠡᠨ ᠡᠶᠢᠮᠦ ᠬᠥᠭᠵᠢᠶᠡᠨ ᠲᠠᠢ ᠨᠠᠶᠢᠷ ᠪᠢᠳᠡᠨ ᠤ ᠰᠡᠳᠬᠢᠯ ᠠᠴᠠ | ᠶᠠᠭᠠᠬᠢᠵᠤ ᠭᠠᠷᠬᠤ ᠪᠢᠯᠡ ᠳ᠋ᠧ᠃ ᠰᠠᠩ ᠤᠨ ᠲᠠᠯᠠᠢ ᠰᠤᠮᠤᠨ ᠤ ᠡᠨᠡ ᠤᠳᠠᠭᠠᠨ ᠤ ᠰᠣᠶᠣᠯ ᠤᠨ ᠨᠠᠶᠢᠷ ᠲᠤ ᠤᠯᠠᠨ ᠰᠤᠮᠤ ᠬᠤᠰᠢᠭᠤᠨ ᠤ ᠮᠠᠯᠴᠢᠨ ᠤᠷᠠᠯᠢᠭᠴᠢᠨ᠂ | ᠰᠢᠯᠦᠭᠴᠢᠨ ︽ᠰᠢᠯᠢ ᠶᠢᠨ ᠭᠤᠣᠯ ᠤᠨ ᠡᠳᠦᠷ ᠤᠨ ᠰᠣᠨᠢᠨ︾ ᠤ ᠬᠤᠷᠢᠶᠠᠨ ᠤ ᠬᠡᠪᠯᠡᠬᠦ ᠦᠢᠯᠡᠳᠪᠦᠷᠢ ᠳᠤ ᠲᠤᠰᠬᠠᠢ ᠬᠢᠯᠭᠡᠭᠰᠡᠨ᠂ ᠠᠳᠬᠤᠭᠰᠠᠨ ᠬᠤᠶᠠᠷ ᠭᠠᠷ ᠤᠨ | ᠵᠢᠷᠤᠭ ᠲᠠᠢ ︽ᠨᠠᠷᠠᠰᠤᠨ ᠪᠤᠯᠠᠭ ᠰᠣᠶᠣᠯ ᠤᠨ ᠨᠠᠭᠠᠳᠤᠮ︾ ᠭᠡᠰᠡᠨ ᠱᠠᠩᠨᠠᠯ ᠤᠨ ᠳᠡᠪᠲᠡᠷ᠂ ︽ᠮᠣᠩᠭᠤᠯ ᠪᠦᠭᠡ︾ ᠨᠣᠮ ᠪᠢᠴᠢᠭ᠂ ᠮᠣᠩᠭᠤᠯ ᠤᠷᠠᠨ ᠪᠢᠴᠢᠯᠭᠡ | ᠵᠡᠷᠭᠡ ᠪᠠᠷ ᠱᠠᠩᠨᠠᠭᠳᠠᠭᠰᠠᠨ ᠨᠢ ᠨᠡᠩ ᠤᠳᠬ᠎ᠠ ᠠᠭᠤᠯᠭ᠎ᠠ ᠲᠠᠢ ᠪᠣᠯᠤᠭᠰᠠᠨ ᠪᠠᠶᠢᠨ᠎ᠠ᠃ ᠬᠤᠰᠢᠭᠤ ᠤᠯᠠᠭᠠᠨᠮᠥ᠋ᠴᠢᠷ ᠤᠨ ᠠᠬᠠᠮᠠᠳ ᠲᠣᠭᠯᠠᠭᠴᠢ᠂ ᠰᠣᠶᠣᠯ ᠤᠨ | ᠣᠷᠳᠣᠨ ᠤ ᠠᠯᠳᠠ᠂ ᠲᠠᠷᠢᠰᠤ᠂ ᠯᠠᠩ ᠫᠧᠩ ᠱᠠ᠂ ᠰᠠᠩ ᠤᠨ ᠲᠠᠯᠠᠢ ᠰᠤᠮᠤᠨ ᠤ ᠰᠣᠶᠣᠯ ᠤᠨ ᠥᠷᠲᠡᠭᠡᠨ ᠤ ᠲᠤᠰᠬᠠᠢ ᠠᠵᠢᠯᠲᠠᠨ ᠮᠥᠩᠬᠡᠨᠠᠰᠤᠨ᠂ ᠰᠢᠯᠤᠭᠤᠨ | ᠬᠥᠬᠡ ᠬᠤᠰᠢᠭᠤᠨ ᠤ ᠮᠠᠯᠴᠢᠨ ᠵᠠᠯᠠᠭᠤᠴᠤᠳ ᠤᠨ ᠰᠣᠶᠣᠯ ᠭᠡᠭᠡᠷᠡᠯ ᠬᠤᠯᠪᠣᠭᠠᠨ ᠤ ᠲᠤ᠋·ᠭᠠᠩᠧᠴᠠᠷ᠂ ᠪᠠ᠊᠆·ᠪᠠᠯᠵᠤᠤᠷ᠂ ᠵᠢ᠊·ᠮᠥᠩᠬᠡ᠂ ᠦ᠊·ᠪᠠᠳᠠᠷᠠᠬᠤ ᠵᠡᠷᠭᠡ | ᠰᠢᠯᠢᠳᠡᠭ ᠴᠢᠮᠡᠭᠡᠯᠡᠭᠴᠢᠳ ᠬᠢᠨᠠᠨ ᠰᠢᠯᠭᠠᠷᠠᠭᠤᠯᠬᠤ ᠠᠵᠢᠯ ᠳᠤ ᠪᠦᠲᠦᠨ ᠡᠳᠦᠷ ᠠᠮᠠᠷᠠᠯ ᠦᠭᠡᠢ ᠶᠠᠭᠠᠷᠠᠭᠰᠠᠨ ᠪᠤᠯᠪᠠᠴᠤ ᠰᠣᠶᠣᠯ ᠤᠨ ᠨᠠᠶᠢᠷ ᠰᠠᠶᠢᠬᠠᠨ ᠶᠠᠪᠤᠭᠳᠠᠵᠤ | ᠪᠠᠶᠢᠬᠤ ᠳᠤ ᠰᠡᠳᠬᠢᠯ ᠪᠠᠶᠠᠷ ᠲᠠᠢ ᠪᠠᠶᠢᠯ᠎ᠠ᠃ ᠰᠣᠶᠣᠯ ᠤᠨ ᠨᠠᠭᠠᠳᠤᠮ ᠳᠤ ᠨᠠᠢᠮᠠᠨ ᠨᠠᠰᠤᠲᠠᠢ ᠵᠢᠭᠠᠯ ᠥᠬᠢᠨ ᠰᠢᠨᠡᠴᠡᠴᠡᠭ ᠠᠴᠠ ᠨᠠᠶᠠ ᠭᠠᠷᠤᠭᠰᠠᠨ ᠰᠠᠮᠫᠢᠯᠸᠠᠩᠵᠢᠯ | ᠨᠠᠰᠤᠲᠠᠶᠢᠴᠤᠳ ᠭᠦᠷᠳᠡᠯ᠎ᠡ ᠥᠪᠡᠷ ᠥᠪᠡᠷ ᠤᠨ ᠠᠪᠢᠶᠠᠰ ᠴᠢᠳᠠᠪᠤᠷᠢ ᠪᠠᠨ ᠭᠠᠶᠢᠬᠠᠭᠤᠯᠵᠤ᠂ ᠰᠣᠶᠣᠯ ᠤᠨ ᠭᠢᠯᠪᠠᠭ᠎ᠠ ᠪᠠᠨ ᠰᠠᠴᠤᠷᠠᠭᠤᠯᠵᠤ ᠪᠠᠶᠢᠯ᠎ᠠ᠃ ᠳᠠᠭᠤᠤ᠂ | ᠰᠢᠯᠦᠭ᠂ ᠬᠥᠭᠵᠢᠮ᠂ ᠤᠷᠠᠨ ᠤᠩᠰᠢᠯᠭ᠎ᠠ᠂ ᠪᠥᠵᠢᠭ ᠵᠡᠷᠭᠡ ᠶᠡᠷᠦᠩᠬᠡᠶᠢᠯᠡᠭᠰᠡᠨ ᠤᠷᠤᠯᠳᠤᠭᠠᠨ ᠪᠣᠯᠵᠤ ᠨᠡᠶᠢᠳᠡ ᠵᠠᠭᠤ ᠭᠠᠷᠤᠢ ᠲᠤᠬᠯᠠᠯᠳᠠ ᠶᠢᠨ ᠠᠯᠢ ᠠᠯᠢ ᠨᠢ ᠴᠦ | ᠭᠤᠶᠤ ᠪᠠᠶᠢᠵᠤ ᠪᠢᠯᠡ᠃ | ︽ᠠᠪᠤ ᠶᠢᠨ ᠰᠡᠭᠦᠷᠡᠰᠦ︾ ᠭᠡᠳᠡᠭ ᠰᠢᠯᠦᠭ ᠲᠡᠭᠡᠨ ᠠᠯᠲᠠᠢ ᠪᠤᠯᠠᠭ ᠭᠠᠴᠠᠭᠠᠨ ᠤ ᠤᠷᠠᠩᠬᠤᠸᠠᠷ ᠬᠡᠦᠬᠡᠨ ᠡᠬᠡ ᠪᠠᠶᠢᠭᠠᠯᠢ ᠪᠠᠨ ᠰᠢᠳᠦᠨ᠂ ᠡᠯᠡᠰᠦᠷᠬᠡᠭᠵᠢᠵᠦ | ᠲᠠᠴᠢᠷᠰᠢᠭᠰᠠᠨ ᠳᠤᠨᠢ ᠭᠤᠨᠢᠵᠤ᠂ ᠡᠬᠡ ᠪᠠᠶᠢᠭᠠᠯᠢ ᠪᠠᠨ ᠡᠩᠬᠡ ᠰᠠᠶᠢᠬᠠᠨ ᠪᠠᠶᠢᠭᠠᠰᠠᠢ ᠭᠡᠵᠦ ᠬᠦᠰᠡᠭᠰᠡᠨ ᠰᠠᠨᠠᠭ᠎ᠠ ᠪᠠᠨ ᠢᠯᠡᠳᠬᠡᠭᠰᠡᠨ ᠨᠢ ᠦᠷ᠎ᠡ ᠬᠥᠮᠥᠨ ᠤ ᠨᠤᠲᠤᠭ | ᠲᠠᠭᠠᠨ ᠥᠭᠭᠦᠭᠰᠡᠨ ᠡᠷᠬᠢᠮ ᠨᠠᠨᠳᠢᠨ ᠬᠠᠶᠢᠷ᠎ᠠ ᠪᠠᠶᠢᠵᠤ ᠲᠠᠭᠠᠷᠠᠨ᠎ᠠ᠃ ᠰᠢᠯᠦᠭ ᠤᠨ ᠰᠠᠨᠠᠭ᠎ᠠ᠂ ᠰᠡᠳᠬᠢᠯ ᠦᠨᠡᠨ ᠢᠶᠠᠷ ᠢᠶᠠᠨ ᠤᠷᠠᠩᠬᠤᠸᠠᠷ ᠤᠰᠤ ᠨᠤᠲᠤᠭ ᠤᠨ ᠢᠶᠠᠨ | ᠬᠠᠶᠢᠷ᠎ᠠ ᠬᠦᠨᠳᠦᠳᠬᠡᠯ ᠢ ᠭᠦᠷᠳᠡᠪᠡ᠃ ᠲᠡᠷᠡ ᠤᠳᠠᠭ᠎ᠠ ᠬᠠᠳᠠᠨᠬᠤᠰᠢᠭᠤ ᠰᠤᠮᠤᠨ ᠤ ᠰᠤᠷᠭᠠᠭᠤᠯᠢ ᠠᠴᠠ ᠴᠢᠯᠦᠭᠡ ᠭᠤᠶᠤᠵᠤ ᠮᠠᠰᠢᠨ ᠳᠤ ᠰᠠᠭᠤᠵᠤ ᠰᠣᠶᠣᠯ ᠤᠨ | ᠨᠠᠭᠠᠳᠤᠮ ᠳᠤ ᠤᠷᠤᠯᠴᠠᠬᠰᠡᠨ ᠪᠠᠭ᠎ᠠ ᠰᠤᠷᠭᠠᠭᠤᠯᠢ ᠶᠢᠨ ᠰᠤᠷᠤᠬᠴᠢ ᠨᠠᠷᠠᠨᠲᠤᠶᠠᠭ᠎ᠠ ᠤᠷᠠᠨ ᠲᠣᠳᠣ ᠤᠩᠰᠢᠯᠭ᠎ᠠ ᠶᠢᠨ ᠤᠷᠤᠯᠳᠤᠭᠠᠨ ᠤ ᠬᠤᠶᠠᠳᠤᠭᠠᠷ ᠲᠡᠰ ᠲᠤ | ᠣᠷᠣᠵᠤ ᠪᠠᠶᠢᠭᠰᠠᠨ ᠪᠣᠯ ᠬᠤᠵᠢᠮ ᠨᠢ ᠥᠪᠥᠷ ᠮᠣᠩᠭᠤᠯ ᠤᠨ ᠤᠳᠤᠨ ᠲᠧᠯᠸᠢᠰ ᠤᠨ ᠨᠡᠷᠡᠳᠤ ᠬᠥᠲᠥᠯᠥᠭᠴᠢ᠂ ᠥᠪᠥᠷ ᠮᠣᠩᠭᠤᠯ ᠤᠨ ᠠᠷᠪᠠᠨ ᠰᠣᠳᠣᠨ | ᠬᠥᠲᠥᠯᠥᠭᠴᠢ ᠶᠢᠨ ᠨᠢᠭᠡᠨ ᠪᠣᠯᠤᠭᠰᠠᠨ ᠶᠤᠮ᠃ ᠰ᠊·ᠰᠠᠷᠠᠨᠰᠦ᠋ᠬᠡ᠂ ᠦᠷᠯᠤᠳ· ᠰᠡᠴᠡᠩᠭᠤᠸ᠎ᠠ᠂ ᠰᠣᠶᠣᠯ ᠤᠨ ᠨᠠᠭᠠᠳᠤᠮ ᠠᠴᠠ ᠵᠣᠷᠢᠭᠵᠢᠭᠤᠯᠤᠯ ᠤᠨ ᠱᠠᠩ ᠲᠤᠰᠴᠤ | ᠶᠡᠭᠡ ᠪᠠᠷ ᠤᠷᠮᠠᠰᠢᠵᠤ ᠪᠠᠶᠢᠭᠰᠠᠨ ᠪᠣᠯ ᠬᠤᠵᠢᠮ ᠨᠢ ᠲᠡᠳᠡ ᠪᠠᠭᠰᠢ ᠶᠢᠨ ᠠᠯᠪᠠ ᠲᠠᠢ ᠪᠣᠯᠵᠤ᠂ ᠭᠡᠳᠤ ᠬᠡᠳᠦᠨ ᠨᠣᠮ ᠪᠦᠲᠦᠭᠡᠯ ᠲᠠᠢ ᠨᠡᠷᠡᠳᠤ ᠤᠷᠠᠨ | ᠪᠦᠲᠦᠭᠡᠯᠴᠢ ᠪᠣᠯᠤᠭᠰᠠᠨ᠃ ᠪ᠊ · ᠨᠠᠰᠤᠨᠪᠥ᠋ᠬᠡ᠂ ᠮᠥᠩᠬᠡᠨᠠᠰᠤᠨ᠂ ᠬ᠋᠊·ᠡᠷᠳᠡᠨᠢ᠂ ᠣ᠊·ᠤᠶᠠᠩᠭ᠎ᠠ᠂ ᠪᠡ᠊᠆·ᠪᠠᠲᠤᠰᠦ᠋ᠬᠡ᠂ ᠡ᠊·ᠴᠢᠯᠠᠭᠤᠨ᠂ ᠸᠠᠩ᠊·ᠮᠥᠩᠬᠡᠪᠠᠶᠠᠷ ᠤᠯᠠᠨ ᠰᠠᠶᠢᠬᠠᠨ | ᠨᠣᠮ ᠬᠡᠪᠯᠡᠯ ᠲᠠᠢ ᠥᠷᠢᠰᠦᠯᠳᠦᠨ ᠪᠠᠶᠠᠰᠤᠯᠳᠤᠨ ᠵᠣᠬᠢᠶᠠᠯ ᠪᠦᠲᠦᠭᠡᠯ ᠢᠶᠠᠨ ᠭᠠᠷᠭᠠᠭᠰᠠᠨ ᠪᠠ ᠨᠢ᠊ ·ᠴᠢᠯᠠᠭᠤᠨᠪᠠᠭᠠᠲᠤᠷ᠂ ᠲᠡᠮᠡᠴᠡᠯᠳᠦ᠂ ᠳᠡᠯᠡᠬᠡᠢ᠂ ᠰᠡᠴᠡᠨᠰᠣᠳᠣ᠂ | ᠤᠷᠲᠤᠮᠥ᠋ᠷᠡᠨ ᠵᠡᠷᠭᠡ ᠮᠠᠯᠴᠢᠨ ᠤᠷᠠᠯᠢᠭᠴᠢᠳ ᠰᠢᠨ᠎ᠡ ᠳᠠᠭᠤᠤ ᠶᠢᠨ ᠪᠦᠲᠦᠭᠡᠯ ᠪᠠ ᠴᠣᠮᠤᠭ ᠭᠡᠳᠤ ᠭᠡᠳᠤ ᠶᠢ ᠭᠠᠷᠭᠠᠴᠢᠬᠠᠵᠤ᠂ ᠰᠠᠩ ᠤᠨ ᠲᠠᠯᠠᠢ ᠪᠠᠨ ᠰᠢᠯᠦᠭ | ᠳᠠᠭᠤᠤ ᠶᠢᠨ ᠪᠠᠶᠠᠨ ᠲᠠᠯᠠᠢ ᠪᠤᠯᠭᠠᠬᠰᠡᠨ ᠪᠠᠶᠢᠳᠠᠭ᠃ ᠡᠨᠡ ᠪᠣᠯ ︽ᠨᠠᠷᠠᠰᠤᠨ ᠪᠤᠯᠠᠭ︾ ᠰᠣᠶᠣᠯ ᠤᠨ ᠨᠠᠭᠠᠳᠤᠮ ᠤᠨ ᠨᠥᠯᠥᠭᠡ ᠭᠦᠨᠵᠡᠭᠡᠢ ᠠᠴᠢ ᠬᠤᠯᠪᠣᠭᠳᠠᠯ ᠶᠤᠮ᠃ | ᠨᠡᠶᠢᠭᠡᠮ ᠨᠡᠶᠢᠳᠡ ᠪᠠᠷ ᠢᠶᠠᠨ ᠰᠣᠶᠣᠯ ᠢᠶᠠᠨ ᠨᠠᠨᠳᠢᠩᠨᠠᠨ ᠭᠦᠡᠳᠤᠳᠭᠡᠵᠤ᠂ ᠳᠤᠤᠭᠠᠷᠪᠠᠯ ᠲᠠᠭᠤ ᠨᠢᠭᠡᠲᠡᠢ᠂ ᠳᠤᠭᠲᠤᠷᠪᠠᠯ ᠬᠦᠴᠦ ᠨᠢᠭᠡᠲᠡᠢ ᠶᠠᠪᠤᠭᠰᠠᠨ ᠤ ᠰᠠᠶᠢᠬᠠᠨ | ᠳᠤᠷᠠᠳᠬᠠᠯ ᠶᠤᠮ ᠠ᠋᠃ ᠭᠦᠭᠡᠭᠡ ᠡᠪᠦᠯ ᠢᠶᠠᠷ ᠴᠠᠩ ᠲᠠᠲᠠᠭᠤᠯᠤᠨ ᠤᠷᠤᠰᠳᠠᠭ᠂ ᠠᠯᠳᠠᠨ ᠡᠯᠡᠰᠦᠨ ᠳᠡᠭᠡᠨ ᠨᠣᠮᠢᠨ ᠨᠠᠷᠠᠰᠤᠨ ᠤ ᠴᠡᠯᠭᠡᠷᠡᠭᠡ ᠲᠠᠢ᠂ ᠨᠠᠷᠠᠰᠤᠨ | ᠪᠤᠯᠠᠭ ᠢᠶᠠᠷ ᠢᠶᠠᠨ ᠨᠠᠷᠠᠯᠠᠨ ᠰᠤᠮᠤᠨ ᠤ ᠰᠣᠶᠣᠯ ᠤᠨ ᠨᠠᠭᠠᠳᠤᠮ ᠢᠶᠠᠨ ᠨᠦᠰᠡᠷ ᠵᠣᠬᠢᠶᠠᠨ ᠪᠠᠶᠢᠭᠤᠯᠤᠭᠰᠠᠨ ᠰᠠᠩ ᠤᠨ ᠲᠠᠯᠠᠢ ᠰᠤᠮᠤᠨ ᠤ ᠳᠠᠶᠠᠭᠠᠷ ᠠᠷᠠᠳ ᠤᠨ | ᠰᠠᠶᠢᠬᠠᠨ ᠰᠠᠨᠠᠭ᠎ᠠ᠂ ᠨᠤᠲᠤᠭ ᠪᠦᠲᠦᠨ ᠪᠣᠯ ᠠᠮᠢᠳᠤᠷᠠᠯ ᠪᠦᠲᠦᠨ᠂ ᠰᠣᠶᠣᠯ ᠬᠥᠭᠵᠢᠭᠦᠨ ᠪᠣᠯ ᠦᠢᠯᠡᠰ ᠰᠠᠷᠠᠭᠤᠯᠬᠠᠨ ᠭᠡᠳᠡᠭ ᠰᠠᠶᠢᠬᠠᠨ ᠲᠡᠮᠡᠦᠯᠦᠯ ᠪᠠᠶᠢᠭᠰᠠᠨ | ᠪᠠᠶᠢᠵᠠᠢ᠃ | ᠶᠠᠭᠤᠮ᠎ᠠ ᠬᠤᠪᠣᠷ᠂ ᠠᠮᠢᠳᠤᠷᠠᠯ ᠴᠢᠨᠡᠭᠡᠯᠢᠭᠵᠢᠭᠡ ᠦᠭᠡᠢ ᠲᠡᠷᠡ ᠦᠶ᠎ᠡ ᠳᠤ ︽ᠨᠠᠷᠠᠰᠤᠨ ᠪᠤᠯᠠᠭ ᠰᠣᠶᠣᠯ ᠤᠨ ᠨᠠᠶᠢᠷ︾ ᠳᠠᠩᠴᠢ ᠰᠠᠶᠢᠬᠠᠨ ᠪᠠᠶᠢᠵᠠᠢ᠃ | ᠮᠠᠩᠬᠠᠨ ᠤ ᠳᠡᠭᠡᠷ᠎ᠡ ᠡᠩᠭᠡᠷ ᠠᠴᠠ ᠡᠬᠢ ᠠᠪᠴᠤ ᠲᠦᠷᠪᠡᠨ ᠤᠯᠠᠷᠢᠯ ᠢᠶᠠᠷ ᠮᠡᠯᠮᠡᠷᠡᠨ ᠣᠨᠳᠣᠷᠴᠤ ᠠᠭᠤᠳᠠᠮ ᠲᠠᠯ᠎ᠠ ᠪᠠᠷ ᠠᠯᠤᠰ ᠢ ᠵᠣᠷᠢᠨ ᠤᠷᠤᠰᠤᠭᠰᠠᠨ ᠨᠠᠷᠠᠰᠤᠨ | ᠪᠤᠯᠠᠭ ᠢᠶᠠᠨ ᠰᠢᠭ᠋ ︽ᠨᠠᠷᠠᠰᠤᠨ ᠪᠤᠯᠠᠭ ᠰᠣᠶᠣᠯ ᠤᠨ ᠨᠠᠭᠠᠳᠤᠮ︾ ᠰᠣᠶᠣᠯ ᠤᠨ ᠴᠡᠴᠡᠭ ᠤᠨ ᠳᠤᠮᠳᠠ ᠤᠮᠳᠠ ᠪᠣᠯᠵᠤ ᠬᠤᠴᠣᠷᠤᠭᠰᠠᠨ ᠪᠠᠶᠢᠯ᠎ᠠ᠃ |