ᠭᠤᠷᠪᠠᠨ ᠪᠠᠭᠴᠠ ᠨᠠᠶᠢᠷᠠᠭᠤᠯᠤᠯ
ᠨᠡᠶᠢᠲᠡᠯᠡᠭᠰᠡᠨ ᠴᠠᠭ᠄
2025/3/7
       ᠬᠤᠷᠣᠮᠬᠠᠨ ᠵᠠᠢ       ᠨᠠᠷᠠ ᠤᠷᠳᠤ ᠭᠠᠷ ᠢᠶᠠᠨ ᠰᠤᠩᠭᠠᠭᠰᠠᠭᠠᠷ ᠰᠢᠩᠭᠡᠯ᠎ᠡ᠃ ᠶᠠᠭ ᠯᠠ ᠡᠬᠡ ᠪᠠᠶᠢᠭᠠᠯᠢ ᠶᠢᠨ ᠠᠯᠢᠪᠠ ᠠᠴᠠ ᠰᠠᠯᠵᠤ ᠶᠠᠳᠠᠨ ᠣᠢ ᠲᠠᠶᠢᠭ᠎ᠠ᠂ ᠠᠷᠢᠶᠠᠲᠠᠨ ᠭᠥᠷᠥᠭᠡᠰᠦ ᠪᠦᠭᠦᠳᠡ ᠶᠢ ᠬᠠᠮᠤᠷᠤᠨ ᠠᠪᠤᠭᠠᠳ ᠡᠪᠦᠷ ᠲᠡᠭᠡᠨ ᠴᠢᠬᠢᠴᠢᠬᠡᠭᠡᠳ ᠴᠠᠭᠠᠲᠤ ᠤᠳᠤᠨ ᠮᠡᠴᠢᠳ ᠭᠢᠯᠠᠯᠵᠠᠭᠰᠠᠨ ᠤᠷᠳᠤ ᠳᠠᠭᠠᠨ ᠢᠴᠡᠭᠡᠯᠡᠬᠦ ᠪᠠᠷ ᠶᠠᠪᠤᠬᠤ ᠭᠡᠵᠦ ᠪᠠᠶᠢᠭ᠎ᠠ ᠰᠢᠭ᠋᠃ ᠲᠡᠭᠦᠨ ᠤ ᠬᠤᠶᠢᠨ᠎ᠠ ᠠᠴᠠ ᠬᠠᠷᠠᠩᠭᠤᠢ ᠢᠷᠡᠨ᠎ᠡ᠃ ᠬᠠᠷᠠᠩᠭᠤᠢ ᠪᠤᠯᠬᠤ ᠳᠤ ᠠᠯᠢᠪᠠ ᠪᠦᠭᠦᠨ ᠴᠢᠳᠬᠦᠷ ᠱᠦᠭᠯᠡᠭᠰᠡᠨ ᠪᠤᠶᠤ ᠴᠢᠳᠬᠦᠷ ᠲᠤ ᠳᠠᠷᠤᠭᠳᠠᠭᠰᠠᠨ ᠭᠡᠮᠡᠷ ᠨᠠᠮ ᠵᠢᠮ᠃ ᠬᠠᠶᠠ ᠭᠠᠳᠠᠨ᠎ᠠ ᠱᠤᠤᠭᠢᠬᠤ ᠮᠣᠳᠣᠨ ᠨᠠᠪᠴᠢᠰ ᠤᠨ ᠳᠠᠭᠤᠨ ᠨᠢ ᠱᠤᠵᠤᠩ ᠬᠠᠷ᠎ᠠ ᠮᠠᠯᠠᠭ᠎ᠠ ᠲᠠᠢ ᠤᠮᠠᠭᠠᠷ ᠠᠮᠠ ᠲᠠᠢ ᠬᠠᠷ᠎ᠠ ᠡᠮᠡᠭᠡᠨ ᠰᠢᠷᠪᠢᠭᠦᠯ ᠢᠶᠠᠨ ᠤᠨᠤᠴᠢᠬᠠᠭᠠᠳ᠂ ᠠᠨᠢᠭᠠᠷ ᠨᠢᠳᠦ ᠪᠠᠨ ᠰᠡᠶᠢᠮᠡᠶᠢᠯᠭᠡᠨ᠂ ᠠᠷᠵᠠᠭᠠᠷ ᠰᠢᠳᠣ ᠪᠠᠨ ᠢᠷᠵᠠᠶᠢᠯᠭᠠᠨ ᠭᠡᠷ ᠤᠨ ᠡᠭᠦᠳᠡ ᠪᠠᠷ ᠱᠤᠤᠭᠢᠨ ᠭᠠᠷᠤᠭᠰᠠᠨ ᠭᠡᠮᠡᠷ᠃ ᠲᠡᠭᠡᠭᠦ ᠳᠤ ᠡᠯᠳᠡᠪ ᠡᠰᠡᠨ ᠶᠠᠭᠤᠮ᠎ᠠ ᠪᠤᠳᠣᠬᠳᠠᠨ᠎ᠠ᠃ ᠪᠠᠭ᠎ᠠ ᠨᠠᠰᠤ ᠪᠠᠨ ᠪᠤᠳᠣᠬᠤ ᠳᠤ ᠪᠠᠷᠢᠨ ᠳᠣᠣᠷ᠎ᠠ ᠪᠠᠨ ᠦᠰᠦᠷᠦᠭᠡᠳ ᠲᠣᠭᠯᠠᠴᠢᠬᠠᠮᠠᠷ ᠴᠦ ᠰᠢᠭ᠋᠃ ᠠᠬᠢᠭᠠᠳ ᠢᠷᠡᠬᠦ ᠦᠭᠡᠢ ᠶᠢ ᠨᠢ ᠪᠤᠳᠣᠬᠤ ᠳᠤ ᠠᠪᠤᠨ ᠳᠣᠣᠷ᠎ᠠ ᠪᠠᠨ ᠤᠭᠢᠯᠠᠭᠠᠳ ᠡᠭᠡᠷᠡᠴᠢᠬᠡᠮᠡᠷ ᠴᠦ ᠰᠢᠭ᠃ ᠠᠢ᠂ ᠶᠠᠭᠤ ᠭᠡᠵᠦ ᠬᠡᠯᠡᠬᠦᠪ ᠳ᠋ᠠ᠃ ᠵᠢᠷᠭᠠᠯ ᠲᠠᠢ ᠴᠤ ᠵᠣᠪᠠᠯᠠᠩ ᠲᠠᠢ ᠴᠦ ᠡᠷᠢᠶᠡᠨ ᠬᠤᠷᠸ᠎ᠠ᠂ ᠬᠠᠶᠢᠷ᠎ᠠ ᠲᠠᠢ ᠴᠤ ᠬᠠᠶᠢᠷ᠎ᠠ ᠦᠭᠡᠢ ᠴᠦ ᠨᠢᠭᠡ ᠨᠠᠰᠤ᠃ ᠶᠡᠷᠦ ᠨᠢ ᠪᠤᠷᠬᠠᠨ ᠤ ᠢᠪᠡᠭᠡᠯ ᠢᠶᠠᠷ ᠲᠥᠯᠵᠢᠭᠡᠳ ᠴᠢᠳᠬᠦᠷ ᠤᠨ ᠴᠣᠬᠢᠶ᠎ᠠ ᠪᠠᠷ ᠠᠮᠢᠳᠤᠷᠠᠳᠠᠭ ᠶᠢᠷᠲᠢᠨᠴᠦ ᠳᠤ ᠤᠯᠠᠶᠢᠵᠤ ᠰᠢᠩᠭᠡᠬᠦ ᠨᠡᠷᠡᠨ ᠠᠴᠠ ᠤᠷᠭᠤᠵᠤ ᠭᠠᠷᠬᠤ ᠥᠷᠯᠥᠭᠡ ᠪᠤᠯᠲᠠᠯ᠎ᠠ ᠲᠥᠭᠡ ᠬᠢᠷᠢ ᠶᠢᠨ ᠵᠠᠢ ᠪᠢᠯᠢᠦ︖ ᠭᠡᠨᠡᠨ ᠵᠠᠯᠠᠭᠤ ᠨᠠᠰᠤᠨ ᠤ ᠬᠥᠮᠥᠨ ᠪᠦᠭᠦᠨ ᠤ ᠡᠮᠦᠨᠡᠭᠦᠷ ᠭᠡᠳᠡᠶᠢᠭᠡᠳ ᠭᠠᠷᠤᠮᠠᠷ ᠬᠡᠶᠢᠷᠬᠡᠯ ᠪᠠ ᠢᠳᠡᠷ ᠨᠠᠰᠤᠨ ᠤ ᠪᠣᠷᠣ ᠬᠤᠨᠤᠭ᠂ ᠪᠦᠷᠦᠭ ᠠᠮᠢᠳᠤᠷᠠᠯ᠂ ᠪᠦᠳᠦᠷᠢᠯ ᠮᠤᠬᠤᠷᠳᠠᠯ᠂ ᠬᠠᠵᠠᠭᠤ ᠳᠠᠬᠢ ᠬᠥᠮᠥᠨ ᠤ ᠬᠤᠱᠣᠩᠨᠠᠯ ᠳᠠᠭᠠᠵᠢᠩᠨᠠᠯ ᠢ ᠵᠡᠷᠭᠡ ᠲᠤᠭᠤᠯᠵᠤ ᠢᠷᠡᠭᠰᠡᠨ ᠵᠠᠮ ᠮᠥᠷ ᠮᠠᠨᠢ ᠳᠡᠯᠭᠡᠴᠡᠨ ᠳᠡᠭᠡᠷᠡᠬᠢ ᠺᠢᠨᠣ᠋ ᠰᠢᠭ᠋ ᠲᠠᠷᠢᠬᠢᠨ ᠳᠤ ᠮᠢᠨᠢ ᠠᠯᠳᠠᠯ ᠦᠭᠡᠢ ᠥᠩᠭᠡᠷᠡᠯ᠎ᠡ᠃ ᠭᠡᠬᠦ ᠳᠡᠭᠡᠨ ᠭᠤᠣᠯ ᠲᠣᠭᠯᠠᠭᠴᠢ ᠨᠢ ᠪᠢ ᠥᠪᠡᠷ ᠢᠶᠠᠨ ᠪᠠ ᠮᠢᠨᠤ ᠬᠠᠮᠤᠭ ᠤᠨ ᠬᠠᠶᠢᠷᠠᠲᠠᠢ ᠬᠥᠮᠥᠰ᠂ ᠦᠷ᠎ᠡ ᠳ᠋ᠦᠩ ᠳᠤᠨᠢ ᠵᠠᠵᠢᠨ ᠦᠰᠦ ᠮᠢᠨᠢ ᠪᠤᠭᠤᠷᠤᠯᠲᠤᠨ ᠵᠠᠬ᠎ᠠ ᠶᠢᠨ ᠠᠷᠠᠭ᠎ᠠ ᠮᠢᠨᠢ ᠡᠮᠲᠡᠷᠡᠯ᠎ᠡ᠃       ᠳᠤᠷᠠᠯᠠᠯ       ︽ᠰᠢᠪᠡᠷᠡᠨ ᠰᠢᠪᠡᠷᠡᠭᠰᠡᠨ ᠨᠠᠮᠤᠷ ᠤᠨ ᠪᠣᠷᠤᠭ᠎ᠠ ᠰᠢᠯ ᠢ ᠲᠠᠭᠠᠨ ᠤᠷᠤᠰᠤᠨ᠎ᠠ᠂ ᠰᠢᠨᠠᠯᠤᠭᠰᠠᠨ ᠵᠢᠷᠦᠬᠡ ᠪᠠᠨ ᠳᠡᠩᠰᠡᠯᠭᠡᠨ ᠪᠠᠶᠢᠵᠤ ᠰᠡᠳᠬᠢᠯ ᠤᠨ ᠴᠢᠮ᠎ᠠ ᠪᠠᠨ ᠳᠤᠷᠠᠰᠤᠨ᠎ᠠ︾ ᠭᠡᠬᠦ ᠳᠠᠭᠤᠤ ᠶᠢᠨ ᠠᠶ᠎ᠠ ᠶᠢ ᠲᠠᠭᠠᠭᠠᠳ ᠰᠡᠳᠬᠢᠯ ᠮᠢᠨᠢ ᠰᠡᠮᠡᠷᠡᠨ ᠰᠡᠮᠡᠷᠡᠭᠰᠡᠭᠡᠷ ᠬᠤᠯᠠ ᠶᠢᠨ ᠪᠤᠳᠤᠯ ᠡᠯᠭᠦᠨ᠎ᠡ᠃ ᠳᠤᠷᠠᠯᠠᠯ ᠭᠡᠭᠴᠢ ᠶᠠᠭᠤ ᠪᠣᠯ︖ ᠬᠠᠯᠲᠤ ᠬᠠᠷᠠᠬᠤ ᠳᠤ ᠭᠠᠯ ᠨᠣᠴᠣᠮᠠᠷ ᠤᠴᠠᠷᠠᠯ ᠤᠤ︖ ᠬᠠᠷᠢᠨ ᠨᠠᠮᠤᠭᠤᠬᠠᠨ ᠳᠥᠯᠭᠡᠬᠡᠨ ᠬᠠᠷᠠᠴᠠ ᠪᠠᠨ ᠪᠤᠷᠤᠭᠤᠯᠠᠨ᠂ ᠨᠢᠭᠤᠵᠤ ᠳᠤᠷᠠᠯᠠᠭᠠᠳ ᠵᠣᠪᠠᠵᠤ ᠳᠡᠩᠰᠡᠯᠬᠦ ᠰᠡᠳᠬᠢᠯ ᠤᠤ︖ ᠠᠯᠢ ᠡᠰᠡᠬᠦᠯ᠎ᠡ ᠫᠦᠱᠺᠢᠨ ᠤ ᠵᠣᠬᠢᠶᠠᠯ ᠳᠤ ᠭᠠᠷᠳᠠᠭ ᠨᠥᠬᠦᠷ ᠲᠠᠢ ᠪᠦᠰᠡᠭᠦᠢ ᠶᠢᠨ ᠲᠥᠯᠥᠭᠡ ᠭᠦᠷᠳᠡᠯ᠎ᠡ ᠳ᠋ᠦᠸᠧᠯ ᠵᠠᠷᠯᠠᠵᠤ ᠱᠦᠳ ᠭᠠᠷᠬᠤ ᠰᠤᠮᠤᠨ ᠳᠤ ᠫᠦᠳ ᠣᠨᠣᠭᠳᠠᠬᠤ ᠠᠮᠢ ᠨᠠᠰᠤ ᠤᠤ︖ ᠠᠩᠬᠠᠨ ᠤ ᠳᠤᠷᠠᠯᠠᠯ ᠳᠠᠭᠠᠨ ᠠᠯᠢᠪᠠ ᠪᠠᠨ ᠣᠭᠤᠷᠴᠤ ᠤᠰᠤᠨ ᠳᠤ ᠵᠢᠪᠴᠦ ᠦᠬᠦᠭᠰᠡᠨ ᠲᠢᠲ᠋ᠠᠨᠢᠺᠠ ᠲᠡᠮᠳᠡᠭᠲᠦ ᠣᠩᠭᠤᠴᠠᠨ ᠤ ᠵᠢᠶᠧᠺ ᠤᠤ︖ ᠦᠭᠡᠢ ᠪᠠᠶᠢᠬ᠎ᠠ᠂ ᠲᠡᠶᠢᠮᠤ ᠳᠤᠷᠠᠯᠠᠯ ᠪᠣᠯ ᠡᠷᠡᠭᠲᠡᠢ ᠡᠮᠡᠭᠲᠡᠢ ᠬᠤᠶᠠᠷ ᠬᠥᠮᠥᠨ ᠤ ᠲᠦᠷ ᠵᠠᠭᠤᠷ᠎ᠠ ᠶᠢᠨ ᠵᠢᠷᠭᠠᠯ᠂ ᠰᠡᠳᠬᠢᠯ ᠤᠨ ᠬᠥᠭᠰᠡᠯ᠃ ᠶᠠᠭ ᠯᠠ ᠰᠢᠷᠭᠠᠯ ᠨᠠᠮᠤᠷ ᠤᠨ ᠰᠠᠯᠬᠢᠨ ᠳᠤ ᠬᠤᠷᠤᠮᠬᠠᠨ ᠪᠥᠵᠢᠭᠰᠡᠨ ᠨᠠᠪᠴᠢᠰ ᠰᠢᠭ᠋᠃ ᠰᠢᠲᠠᠭᠰᠠᠨ ᠳᠠᠭᠠᠨ ᠮᠡᠯᠮᠡᠷᠡᠭᠰᠡᠨ ᠲᠤᠰᠤᠨ ᠭᠤᠣᠯ ᠲᠠᠢ ᠵᠤᠯᠠ ᠰᠢᠭ᠋ ᠨᠠᠨᠳᠢᠨ ᠪᠠᠶᠢᠲᠠᠯ᠎ᠠ ᠪᠠᠨ ᠬᠤᠷᠤᠮᠬᠠᠨ ᠭᠱᠠᠨ᠃ ᠬᠠᠷᠢᠨ ᠬᠠᠶᠢᠷ᠎ᠠ ᠭᠡᠭᠴᠢ ᠬᠤᠩᠭᠤᠷ ᠬᠤᠶᠠᠷ ᠠᠶᠢᠯ ᠭᠡᠷ ᠪᠣᠯᠣᠨ ᠠᠴᠢᠷ ᠦᠷ᠎ᠡ ᠪᠠᠨ ᠥᠰᠬᠡᠭᠡᠳ ᠠᠮᠢᠳᠤᠷᠠᠯ ᠤᠨ ᠪᠣᠷᠣ ᠬᠤᠨᠤᠭ ᠢ ᠠᠭᠤᠷ ᠲᠠᠢ ᠤᠴᠠᠭᠠᠷ ᠲᠠᠢ ᠥᠩᠭᠡᠷᠡᠭᠡᠵᠦ ᠪᠠᠶᠢᠭ᠎ᠠ ᠭᠡᠷ ᠪᠦᠯᠢ᠂ ᠭᠠᠯᠲᠤ ᠠᠭᠤᠯᠠᠨ ᠳᠤ ᠬᠠᠮᠲᠤ ᠭᠠᠷᠴᠤ᠂ ᠭᠠᠴᠢᠭ ᠴᠠᠭ ᠲᠤ ᠬᠠᠷᠢᠯᠴᠠᠨ ᠡᠨᠡᠷᠢᠵᠦ᠂ ᠦᠨᠡᠨᠴᠢ ᠬᠠᠶᠢᠷᠠᠯᠠᠵᠤ᠂ ᠡᠭᠦᠷᠢᠳᠡ ᠣᠭᠤᠷᠬᠤ ᠦᠭᠡᠢ᠂ ᠨᠢᠳᠤᠷᠭ᠎ᠠ ᠪᠠᠨ ᠵᠠᠩᠭᠢᠳᠤᠭᠰᠠᠨ ᠲᠠᠩᠭᠠᠷᠢᠭ ᠪᠢᠰᠢ ᠴᠦ ᠨᠢᠭᠤᠵᠤ ᠳᠠᠭᠠᠳᠬᠠᠭᠰᠠᠨ ᠵᠠᠯᠪᠠᠷᠢᠯ ᠪᠤᠯᠬᠤ ᠶᠤᠮ᠃       ᠢᠴᠡᠭᠡᠯᠡᠯ       ᠰᠢᠷᠠᠯᠠᠵᠤ ᠤᠨᠠᠭᠰᠠᠨ ᠡᠪᠡᠰᠦᠨ ᠤ ᠳᠣᠣᠷ᠎ᠠ ᠪᠡᠭᠡᠷᠡᠵᠦ ᠮᠠᠭᠤᠵᠢᠷᠠᠭᠰᠠᠨ ᠬᠡᠳᠦᠨ ᠬᠤᠷᠣᠬᠠᠢ᠂ ᠡᠪᠡᠰᠦ ᠰᠢᠷᠣᠶᠢᠨ ᠳᠤᠮᠳᠠ ᠬᠦᠴᠢᠷᠲᠡᠶᠢᠬᠡᠨ ᠮᠠᠴᠤᠯᠬᠢᠯᠠᠨ᠎ᠠ᠃ ᠬᠥᠯ ᠨᠢ ᠨᠢᠭᠡ ᠨᠢᠭᠡ ᠪᠠᠷ ᠠᠯᠭᠤᠷᠬᠠᠨ ᠰᠣᠯᠪᠢᠴᠠᠯᠠᠵᠦ᠂ ᠬᠠᠪᠲᠠᠭᠠᠢ ᠬᠠᠷ᠎ᠠ ᠲᠣᠯᠣᠭᠠᠢ ᠪᠠᠨ ᠴᠢᠨᠡᠭᠡ ᠮᠡᠳᠡᠨ ᠮᠢᠳᠠᠶᠢᠯᠭᠠᠭᠰᠠᠨ ᠴᠦ ᠡᠮᠦᠨ᠎ᠡ ᠵᠠᠮ ᠢᠶᠠᠨ ᠣᠯᠢᠬᠳᠠᠢ ᠦᠵᠡᠵᠦ ᠶᠠᠳᠠᠨ᠎ᠠ᠃ ︽ᠡᠨᠡ ᠬᠡᠳᠦᠭᠦᠯᠡ ᠶᠢᠨ ᠨᠢᠳᠦ ᠨᠢ ᠴᠦ ᠮᠠᠭᠤᠳᠠᠵᠤ᠂ ᠴᠢᠬᠢ ᠨᠢ ᠴᠦ ᠳᠦᠯᠡᠶᠢᠷᠡᠭᠡ ᠪᠣᠯᠪᠠ ᠤᠤ︖ ᠡᠪᠦᠯ ᠤᠨ ᠬᠦᠢᠲᠡᠨ ᠢ ᠬᠠᠮᠢᠭ᠎ᠠ ᠣᠴᠢᠵᠤ ᠥᠩᠭᠡᠷᠡᠭᠡᠬᠦ ᠭᠡᠵᠦ ᠪᠠᠶᠢᠭ᠎ᠠ ᠪᠣᠯ︖ ᠲᠦᠷᠦᠯ ᠰᠠᠳᠣᠨ ᠤ ᠪᠠᠨ ᠵᠦᠭ ᠶᠠᠪᠤᠵᠤ ᠪᠠᠶᠢᠭ᠎ᠠ ᠪᠣᠯᠪᠠ ᠤᠤ︖ ᠢᠩᠭᠢᠵᠦ ᠦᠢᠯᠡ ᠲᠠᠮᠤ ᠪᠠᠨ ᠦᠵᠡᠨ ᠳᠠᠭᠠᠷᠠᠵᠦ ᠪᠡᠭᠡᠷᠡᠨ ᠮᠠᠴᠤᠯᠬᠢᠯᠠᠬᠤ ᠶᠢᠨ ᠣᠷᠣᠨ ᠳᠤ᠂ ᠭᠠᠵᠠᠷ ᠴᠣᠭᠤᠯᠣᠨ ᠢᠴᠡᠭᠡᠯᠡᠬᠦ ᠨᠦᠬᠡ ᠪᠠᠨ ᠮᠠᠯᠲᠠᠭᠰᠠᠨ ᠨᠢ ᠠᠷᠠᠢ ᠳᠡᠭᠡᠷ᠎ᠡ ᠪᠢᠰᠢ ᠤᠤ︖︾ ᠬᠡᠮᠡᠨ ᠪᠢ ᠡᠯᠳᠡᠪ ᠡᠰᠡᠨ ᠢ ᠪᠤᠳᠣᠵᠦ ᠪᠠᠶᠢᠲᠠᠯ᠎ᠠ᠂ ᠴᠡᠴᠡᠷᠯᠢᠭᠴᠢ ᠲᠡᠷᠲᠡᠭᠡ ᠠᠴᠠ ᠣᠰᠣᠨ ᠭᠤᠭᠤᠵᠢᠭᠤᠷ ᠠᠪᠴᠢᠷᠠᠨ ᠨᠠᠭᠠᠰᠢ ᠴᠢᠭᠯᠡᠭᠦᠯᠦᠨ ᠬᠠᠶᠠᠬᠤ ᠳᠤ ᠳᠣᠲᠣᠷ᠎ᠠ ᠠᠴᠠ ᠨᠢ ᠣᠶᠢᠯᠤᠨ ᠭᠠᠷᠤᠭᠰᠠᠨ ᠣᠰᠣᠨ ᠤ ᠬᠦᠴᠦᠨ ᠳᠤ ᠥᠨᠥᠬᠢ ᠬᠤᠷᠣᠬᠠᠶᠢᠳ ᠵᠢᠪᠦᠨ ᠰᠠᠷᠪᠠᠭᠠᠨᠠᠭᠰᠠᠭᠠᠷ ᠬᠤᠯᠠᠳᠠᠪᠠ᠃ ᠪᠢ ᠶᠠᠭᠠᠷᠠᠤ ᠮᠡᠩᠳᠡᠭᠦᠦ ᠣᠰᠣᠨ ᠤ ᠤᠷᠤᠰᠬᠠᠯ ᠢ ᠲᠠᠭᠠᠨ ᠭᠦᠶᠦᠬᠦ ᠳᠤ ᠦᠨᠦᠭᠢᠳ ᠣᠰᠣᠨ ᠤ ᠬᠦᠴᠦᠨ ᠳᠤ ᠳᠡᠭᠡᠭᠰᠢ ᠳᠣᠷᠣᠭᠰᠢ ᠤᠷᠪᠠᠨ ᠬᠥᠷᠪᠡᠨ ᠭᠠᠰᠠᠯᠠᠩ ᠤᠨ ᠳᠠᠯᠠᠢ ᠳᠤ ᠲᠡᠯᠴᠢᠯᠡᠬᠦ ᠶᠢ ᠬᠠᠷᠠᠨ᠂ ᠬᠤᠷᠳᠤᠬᠠᠨ ᠰᠢᠭᠦᠷᠡᠨ ᠭᠠᠷᠭᠠᠬᠤ ᠪᠠᠷ ᠪᠠᠵᠠᠭᠠᠵᠤ ᠪᠠᠶᠢᠲᠠᠯ᠎ᠠ ᠲᠡᠷᠲᠡᠭᠡ ᠨᠦᠬᠡ ᠤᠷᠤᠭᠤ ᠣᠮ ᠬᠤᠮ ᠦᠭᠡᠢ ᠪᠦᠭᠦᠶᠢᠯᠡ ᠪᠠᠷ ᠵᠠᠶᠢᠮᠣᠴᠢᠨ ᠣᠷᠣᠪᠠ᠃ ᠪᠢ ᠮᠣᠳᠣᠳ ᠢ ᠲᠣᠭᠤᠷᠢᠨ ᠭᠦᠶᠦᠭᠡᠳ ᠤᠰᠤ ᠴᠢᠳᠬᠤᠨ ᠣᠷᠣᠭᠰᠠᠨ ᠨᠦᠭᠡᠨ ᠳᠤ ᠣᠴᠢᠵᠤ ᠯᠠᠪᠳᠠᠭᠤᠯᠠᠨ ᠬᠠᠷᠠᠪᠠᠯ ᠦᠢᠯᠡᠷ ᠲᠠᠢ ᠦᠨᠦᠭᠢᠳ ᠨᠦᠭᠡᠨ ᠠᠮᠠᠨ ᠳᠠᠬᠢ ᠬᠡᠳᠦᠨ ᠡᠪᠡᠰᠦᠨ ᠤ ᠲᠣᠯᠣᠭᠠᠢ ᠳᠤ ᠰᠠᠷᠪᠠᠶᠢᠯᠴᠠᠨ ᠬᠠᠷᠠᠯᠠᠵᠤ ᠪᠠᠶᠢᠪᠠ᠃ ᠪᠢ ᠠᠯᠠᠰᠬᠢᠨ ᠪᠠᠶᠠᠷᠯᠠᠵᠤ ᠳᠡᠳᠡᠨ ᠢ ᠨᠢᠭᠡ ᠨᠢᠭᠡ ᠪᠠᠷ ᠲᠡᠭᠦᠵᠦ ᠠᠪᠤᠨ ᠴᠠᠭᠠᠨ᠎ᠠ ᠬᠠᠭᠤᠷᠠᠢ ᠳᠡᠭᠡᠷ᠎ᠡ ᠳᠠᠯᠪᠢᠬᠤ ᠳᠤ ᠲᠡᠳᠡᠭᠡᠷ ᠬᠤᠷᠣᠬᠠᠶᠢᠳ ᠲᠡᠭᠰᠢ ᠴᠦ ᠵᠣᠭᠰᠣᠵᠤ ᠴᠢᠳᠠᠬᠤ ᠦᠭᠡᠢ ᠳᠡᠮᠪᠡᠯᠵᠡᠨ ᠬᠠᠶᠢᠪᠠᠯᠵᠠᠭᠰᠠᠨ ᠴᠦ ᠯᠠᠪᠳᠠᠭᠤᠨ ᠵᠣᠭᠰᠣᠵᠤ᠂ ᠪᠠᠲᠤᠲᠠᠢ ᠲᠣᠭᠲᠠᠬᠤ ᠪᠠᠷ ᠴᠢᠨᠡᠭᠡ ᠮᠡᠳᠡᠨ ᠴᠢᠷᠮᠠᠶᠢᠵᠤ ᠪᠠᠶᠢᠬᠤ ᠨᠢ ᠢᠯᠡᠳᠲᠡ᠃ ︽ᠤᠳᠠᠯ ᠦᠭᠡᠢ ᠳᠠᠨᠣᠰ ᠲᠤ ᠳᠤᠯᠠᠭᠠᠨ ᠭᠡᠷ ᠮᠠᠯᠲᠠᠵᠤ ᠦᠭᠭᠦᠶ᠎ᠡ᠂ ᠲᠠᠨᠠᠷ ᠰᠢᠨ᠎ᠡ ᠭᠡᠷ ᠲᠤ ᠡᠪᠦᠯᠵᠢᠨ᠎ᠡ ᠳ᠋ᠠ︾ ᠬᠡᠮᠡᠨ ᠶᠡᠭᠡ ᠭᠠᠪᠢᠶ᠎ᠠ ᠪᠠᠶᠢᠭᠤᠯᠤᠭᠰᠠᠨ ᠪᠢ ᠠᠮᠠᠨ ᠳᠠᠭᠠᠨ ᠳᠦᠳᠦᠨᠡᠭᠡᠳ ᠲᠠᠮᠠᠬᠢ ᠪᠠᠨ ᠨᠣᠴᠣᠭᠠᠭᠠᠳ ᠣᠷᠳᠣ ᠭᠡᠭᠴᠢ ᠰᠣᠷᠣᠲᠠᠯ᠎ᠠ᠂ ᠨᠢᠭᠡᠨ ᠠᠯᠢᠶ᠎ᠠ ᠬᠡᠦᠬᠡᠳ ᠲᠣᠭᠯᠠᠭᠠᠮ ᠤᠨ ᠲᠡᠷᠭᠡ ᠪᠠᠨ ᠬᠦᠷᠴᠢᠭᠢᠨᠡᠭᠦᠯᠦᠨ ᠮᠢᠨᠤ ᠬᠠᠵᠠᠭᠤ ᠪᠠᠷ ᠭᠠᠷᠬᠤ ᠲᠠᠭᠠᠷᠠᠪᠠ᠃ ᠪᠢ ᠬᠠᠰᠬᠢᠷᠤᠨ ᠵᠠᠪᠳᠤᠲᠠᠯ᠎ᠠ ᠥᠨᠥᠬᠢ ᠬᠡᠦᠬᠡᠳ ᠤᠨ ᠲᠡᠷᠭᠡᠨ ᠤ ᠪᠤᠯᠤ ᠶᠠᠭ ᠮᠢᠨᠤ ᠬᠡᠳᠦᠨ ᠬᠤᠷᠣᠬᠠᠶᠢᠳ ᠤᠨ ᠳᠡᠭᠡᠭᠦᠷ ᠨᠢᠴᠠ ᠳᠠᠷᠤᠨ ᠥᠩᠭᠡᠷᠡᠯ᠎ᠡ᠃ ᠨᠠᠮᠤᠷ ᠭᠡᠭᠴᠢ ᠢᠩᠭᠢᠭᠡᠳ ᠰᠢᠪᠲᠤᠷᠠᠯ᠎ᠠ ᠁ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ