ᠵᠢᠷᠠ ᠬᠦᠷᠬᠦ ᠳᠤ ᠶᠠᠭᠠᠬᠢᠳᠠᠭ ᠶᠤᠮ
ᠨᠡᠶᠢᠲᠡᠯᠡᠭᠰᠡᠨ ᠴᠠᠭ᠄
2025/3/7
       ᠵᠢᠷᠠ ᠬᠦᠷᠬᠦ ᠳᠤ ᠶᠠᠭᠠᠬᠢᠬᠤᠪ᠂ ᠵᠦᠪᠭᠡᠨ ᠵᠢᠷᠠ ᠭᠦᠷᠦᠭᠰᠡᠨ ᠲᠡᠳᠦᠢ᠃       ᠵᠠᠵᠢᠨ ᠦᠰᠦ ᠴᠠᠶᠢᠯ᠎ᠠ᠂ ᠴᠠᠭᠠᠨ ᠪᠤᠭᠤᠷᠤᠯ ᠪᠣᠯᠣᠯ᠎ᠠ᠃ ᠴᠠᠭᠠᠨ ᠪᠤᠭᠤᠷᠤᠯ ᠢ ᠨᠢ ᠴᠠᠭᠠᠨ ᠪᠤᠭᠤᠷᠤᠯ ᠢᠶᠠᠷ ᠭᠤᠶᠣᠯᠠᠵᠤ ᠰᠤᠯᠠ ᠲᠠᠯᠪᠢᠨ ᠰᠠᠭᠰᠠᠯᠵᠠᠭᠤᠯᠬᠤ᠂ ᠴᠢᠪ ᠬᠢᠲᠡᠯ᠎ᠡ ᠬᠡᠷᠪᠢᠭᠡᠳ ᠠᠬᠠᠷ ᠭᠡᠵᠢᠭᠡ ᠲᠠᠯᠪᠢᠬᠤ᠂ ᠮᠥᠩᠭᠦᠨ ᠬᠠᠳᠬᠤᠭᠤᠷ ᠢᠶᠠᠷ ᠨᠠᠮᠪᠠᠯᠢᠬᠬᠠᠨ ᠬᠠᠪᠴᠢᠵᠤ᠂ ᠰᠤᠪᠤᠳ ᠱᠢᠷᠦ ᠶᠢᠨ ᠬᠠᠪᠴᠢᠭᠤᠷ ᠢ ᠡᠪ ᠢ ᠨᠢ ᠲᠠᠭᠠᠷᠠᠭᠤᠯᠵᠤ ᠰᠢᠭᠢᠳᠬᠡᠨ᠂ ᠠᠷᠢᠭᠤᠨ ᠬᠠᠰ ᠢᠶᠠᠷ ᠴᠣᠭᠴᠠᠯᠠᠭᠰᠠᠨ ᠰᠢᠭ᠋ ᠠᠬᠠᠮᠠᠳ ᠨᠢᠭᠡ ᠦᠶ᠎ᠡ ᠶᠢᠨ ᠬᠢᠨ ᠰᠢᠤ ᠭᠡᠬᠦ ᠷᠣᠮᠠᠨᠲ᠋ᠢᠭ ᠲᠥᠷᠬᠦ ᠲᠠᠢ ᠭᠡᠷᠡᠯ ᠤᠶᠢᠵᠤ ᠠᠮᠢᠳᠤᠷᠠᠬᠤᠢ᠃ ᠡᠮᠦᠰᠴᠦ ᠵᠡᠭᠦᠬᠦ ᠬᠤᠪᠴᠠᠰᠤ ᠬᠤᠨᠠᠷ ᠢᠶᠠᠨ ᠴᠠᠭ ᠤᠨ ᠪᠠᠶᠢᠳᠠᠯ ᠳᠤ ᠲᠣᠬᠢᠷᠠᠭᠤᠯᠤᠨ᠂ ᠠᠬᠤᠢ ᠲᠠᠯᠠᠪᠠᠢ ᠳᠤ ᠵᠣᠬᠢᠴᠠᠭᠤᠯᠤᠨ᠎ᠠ᠃ ᠬᠤᠷᠠᠯ ᠴᠤᠭᠯᠠᠭᠠᠨ ᠳᠤ ᠲᠥᠪ ᠬᠢᠨᠠᠭᠤᠷ᠂ ᠪᠤᠰᠤᠳ ᠢ ᠬᠦᠨᠳᠦᠳᠬᠡᠬᠦ ᠪᠤᠶᠤ ᠪᠤᠰᠤᠳ ᠢᠶᠠᠷ ᠭᠦᠨᠳᠦᠳᠭᠡᠭᠦᠯᠭᠦ ᠶᠢ ᠬᠢᠴᠢᠶᠡᠬᠦ᠂ ᠨᠠᠶᠢᠷ ᠬᠤᠷᠢᠮ ᠳᠤ ᠡᠷᠬᠢᠮᠰᠦᠭ ᠬᠠᠲᠤᠭᠲᠠᠢ ᠮᠡᠲᠦ ᠤᠬᠠᠮᠵᠢ ᠲᠠᠢ ᠮᠥᠷᠲᠡᠭᠡᠨ ᠭᠦᠷ ᠲᠤ ᠨᠡᠩ ᠬᠥᠭᠵᠢᠯᠲᠡᠢ ᠪᠠᠶᠢᠬᠤ᠂ ᠨᠠᠭᠠᠳᠴᠤ ᠵᠤᠭᠠᠯᠠᠬᠤ ᠦᠶ᠎ᠡ ᠳᠡᠭᠡᠨ ᠰᠣᠷᠭᠤᠭ ᠥᠩᠭᠡ ᠲᠠᠢ ᠳᠡᠭᠵᠢᠨ ᠬᠢᠴᠡ ᠲᠠᠢ ᠱᠠᠬᠠᠢ ᠡᠮᠦᠰᠴᠦ᠂ ᠡᠷᠬᠡ ᠴᠢᠯᠦᠭᠡ ᠲᠠᠢ᠂ ᠡᠯᠪᠡᠭ ᠠᠭᠤᠵᠢᠭᠤ ᠡᠮᠦᠰᠬᠡᠯ ᠢᠶᠠᠷ ᠬᠤᠶᠠᠭᠯᠠᠵᠤ᠂ ᠠᠭᠤᠯᠠᠨ ᠳᠤ ᠭᠠᠷᠴᠤ ᠤᠰᠤᠨ ᠳᠤ ᠣᠷᠣᠬᠤ ᠪᠠᠷ ᠪᠡᠯᠡᠬᠡᠨ ᠪᠠᠶᠢᠬᠤ᠂ ᠲᠠᠯ᠎ᠠ ᠳᠤ ᠲᠣᠭᠯᠠᠵᠤ᠂ ᠲᠠᠪᠠ ᠪᠠᠷ ᠪᠠᠶᠢᠵᠤ ᠴᠢᠳᠠᠳᠠᠭ᠃       ᠵᠢᠷᠠ ᠬᠦᠷᠬᠦ ᠳᠤ ᠶᠠᠭᠠᠬᠢᠬᠤᠪ᠂ ᠵᠦᠪᠭᠡᠨ ᠵᠢᠷᠠ ᠭᠦᠷᠦᠭᠰᠡᠨ ᠲᠡᠳᠦᠢ᠃       ᠠᠷᠭ᠎ᠠ ᠦᠭᠡᠢ ᠶᠤᠮ ᠠ᠋᠂ ᠠᠷᠠᠭᠠᠨ ᠰᠢᠳᠤ ᠮᠢᠨᠢ ᠨᠢᠭᠡ ᠤᠨᠠᠴᠢᠬᠠᠯ᠎ᠠ᠃ ᠠᠷᠠᠭᠠᠨ ᠰᠢᠳᠤ ᠪᠠᠨ ᠨᠥᠬᠦᠬᠦ ᠭᠡᠵᠦ ᠡᠮᠨᠡᠯᠭᠡ ᠳᠤ ᠭᠦᠷᠦᠯ᠎ᠠ᠃ ᠡᠮᠴᠢ ᠭᠤᠸᠠᠢ ᠨᠠᠰᠤ ᠵᠢᠯ ᠢ ᠠᠰᠠᠭᠤᠬᠤ ᠳᠤ ᠦᠨᠡᠨ ᠮᠥᠨ ᠢᠶᠠᠷ ᠨᠢ ᠬᠠᠷᠢᠭᠤᠯᠪᠠ᠃       - ᠵᠢᠷᠠ ᠬᠦᠷᠴᠢᠬᠡᠭᠡᠳ ᠨᠢᠭᠡ ᠠᠷᠠᠭ᠎ᠠ ᠤᠨᠠᠬᠤ ᠳᠤ ᠶᠠᠭᠤ ᠪᠠᠶᠢᠬᠤᠪ᠃ ᠰᠠᠶᠢᠬᠠᠨ ᠥᠲᠡᠯᠵᠦ ᠪᠠᠶᠢᠨ᠎ᠠ᠃ ᠵᠠᠯᠠᠭᠤᠬᠠᠨ ᠴᠣᠭᠯᠢᠭ ᠬᠠᠷᠠᠭᠳᠠᠵᠤ ᠪᠠᠶᠢᠨ᠎ᠠ᠃ ᠶᠡᠷᠦ ᠨᠢ ᠰᠦ ᠴᠠᠭ᠎ᠠ ᠢᠳᠡᠳᠡᠭ ᠬᠥᠮᠥᠰ ᠰᠢᠳᠦ ᠰᠠᠶᠢᠲᠠᠢ ᠪᠠᠶᠢᠳᠠᠭ ᠶᠤᠮ ᠭᠡᠪᠡ᠃       ᠲᠡᠶᠢᠮᠦ ᠠ᠋᠂ ᠨᠠᠷᠠᠨ ᠤ ᠳᠣᠣᠷ᠎ᠠ ᠰᠠᠯᠬᠢᠨ ᠯᠤᠭ᠎ᠠ ᠲᠣᠭᠯᠠᠵᠤ᠂ ᠡᠪᠡᠰᠦᠨ ᠤ ᠰᠤᠷ ᠤᠰᠤᠨ ᠤ ᠲᠤᠩᠭᠠᠯᠠᠭ ᠲᠤ ᠴᠠᠳᠤᠨ᠂ ᠥᠷᠭᠡᠨ ᠬᠠᠩᠭᠠᠢ ᠠᠭᠤᠳᠠᠮ ᠲᠠᠯ᠎ᠠ ᠪᠠᠨ ᠴᠢᠮᠡᠳᠡᠭ᠂ ᠥᠶᠥᠭ ᠲᠠᠩᠰᠤᠭ ᠠᠮᠢᠳᠤᠷᠠᠯ ᠢ ᠴᠤ ᠬᠠᠩᠭᠠᠳᠠᠭ ᠲᠠᠪᠤᠨ ᠬᠤᠰᠢᠭᠤ ᠮᠠᠯ ᠤᠨ ᠮᠢᠨᠢ ᠠᠰᠢᠭ ᠰᠢᠮ᠎ᠡ᠂ ᠠᠴᠢ ᠲᠤᠰᠠ ᠶᠢ ᠠᠯᠢ ᠠᠴᠠ ᠨᠢ ᠵᠠᠬᠠᠯᠠᠵᠤ ᠶᠠᠷᠢᠬᠤ ᠪᠢᠯᠡ᠃ ᠢᠩᠭᠡᠨ ᠰᠦ᠂ ᠭᠡᠭᠦᠦ ᠶᠢᠨ ᠢᠯᠭᠠᠳᠠᠰᠤ ︵ᠰᠢᠭᠡᠰᠦ︶ ᠨᠢ ᠭᠦᠷᠳᠡᠯ᠎ᠡ ᠳᠡᠭᠡᠳᠦ ᠬᠡᠮᠵᠢᠶᠡᠨ ᠤ ᠡᠮ ᠡᠮᠴᠢᠯᠡᠭᠡ ᠳᠤ ᠵᠠᠷᠤᠭᠳᠠᠵᠤ ᠪᠠᠶᠢᠳᠠᠭ ᠤᠨ ᠨᠠᠭᠠᠨ᠎ᠠ ᠁ ᠵᠢᠷᠠ ᠲᠠᠢ ᠪᠦᠰᠡᠭᠦᠢ ᠶᠠᠰᠤ ᠬᠠᠲᠠᠭᠤ ᠰᠢᠳᠤ ᠰᠠᠶᠢᠲᠠᠢ ᠪᠠᠶᠢᠬᠤ ᠤᠴᠢᠷᠲᠠᠢ᠃ ᠵᠢᠷᠠ ᠶᠢᠨ ᠳᠠᠪᠠᠭ᠎ᠠ ᠶᠢ ᠳᠠᠪᠠᠵᠤ᠂ ᠵᠢᠷᠭᠠᠯ ᠢ ᠤᠬᠠᠭᠠᠷᠠᠳᠠᠭ ᠮᠥᠷᠲᠡᠭᠡᠨ ᠵᠤᠪᠠᠯᠠᠩ ᠢ ᠨᠡᠩ ᠮᠡᠳᠡᠷᠡᠳᠡᠭ᠃ ᠵᠣᠷᠢᠭᠯᠠᠨ ᠬᠦᠴᠦᠯᠡᠬᠦ ᠳᠤᠷᠠᠲᠠᠢ ᠪᠣᠯᠬᠤᠷ ᠵᠤᠵᠢᠬᠯᠠᠨ ᠬᠦᠷᠬᠦ‍ ᠴᠢᠭ ᠲᠠᠢ ᠶᠤᠮᠰᠠᠨ᠃ ᠲᠡᠷᠡ ᠴᠢᠭ ᠲᠤ ᠶᠠᠮᠠᠷ ᠴᠤ ᠱᠠᠩᠨᠠᠯ ᠪᠠᠶᠢᠬᠤ ᠦᠭᠡᠢ ᠮᠠᠭᠠᠳ᠂ ᠡᠳ᠋ ᠪᠣᠳᠠᠰ ᠪᠤᠶᠤ ᠡᠰᠡᠬᠦᠯ᠎ᠡ ᠮᠥᠩᠭᠦ ᠲᠥᠭᠦᠷᠢᠭ ᠭᠡᠬᠦ ᠮᠡᠲᠦ᠃ ᠭᠡᠶ᠎ᠡ ᠪᠡᠶ᠎ᠡ ᠮᠢᠨᠢ ᠡᠷᠡᠭᠦᠯ᠂ ᠥᠪᠡᠷ ᠢᠶᠠᠨ ᠪᠢ ᠪᠠᠶᠠᠰᠤᠭᠰᠠᠨ ᠪᠣᠯ ᠳᠠᠷᠤᠢ ᠶᠡᠭᠡ ᠵᠢᠷᠭᠠᠯ ᠲᠡᠷᠡ᠃ ᠳᠠᠭᠠᠤ ᠳᠤᠨᠢ ᠪᠤᠰᠤᠳ ᠲᠤ ᠬᠠᠷᠰᠢ ᠪᠢᠰᠢ ᠠᠴᠢ ᠪᠣᠯᠤᠭᠰᠠᠨ ᠶᠤᠮ ᠪᠣᠯ ᠲᠡᠷᠡ ᠨᠢ ᠬᠠᠷᠢᠨ ᠲᠡᠭᠷᠢ ᠶᠡᠭᠡ ᠵᠢᠷᠭᠠᠯ ᠭᠡᠵᠦ ᠶᠠᠰᠤ ᠤᠯᠠᠮ ᠬᠠᠲᠠᠭᠤᠵᠢᠨ᠂ ᠰᠢᠳᠤ ᠪᠠᠰᠠ ᠰᠠᠶᠢᠲᠠᠢ ᠪᠣᠯᠬᠤᠯᠠᠷ ᠨᠢ ᠬᠤᠭᠤᠯᠠ ᠤᠮᠳᠠ ᠮᠢᠨᠢ ᠤᠯᠠᠮ ᠠᠮᠲᠠᠲᠠᠢ ᠰᠢᠮᠡᠲᠡᠢ ᠪᠤᠯᠳᠠᠭ᠃       ᠵᠢᠷᠠ ᠬᠦᠷᠬᠦ ᠳᠤ ᠶᠠᠭᠠᠬᠢᠬᠤᠪ᠂ ᠵᠦᠪᠭᠡᠨ ᠵᠢᠷᠠ ᠭᠦᠷᠦᠭᠰᠡᠨ ᠲᠡᠳᠦᠢ᠃       ᠵᠢᠷᠠ ᠲᠠᠢ ᠪᠦᠰᠡᠭᠦᠢ ᠦᠰᠦ ᠵᠠᠰᠠᠬᠤ ᠭᠠᠵᠠᠷ ᠦᠷᠭᠦᠯᠵᠢ ᠣᠴᠢᠳᠠᠭ᠃ ᠵᠠᠵᠢᠨ ᠦᠰᠦ ᠴᠠᠶᠢᠯ᠎ᠠ ᠭᠡᠰᠡᠨ ᠴᠤ ᠵᠠᠰᠠᠵᠤ ᠵᠠᠯᠠᠬᠤ ᠪᠠᠨ ᠰᠤᠯᠠᠷᠠᠭᠤᠯᠵᠤ ᠦᠯᠦ ᠪᠣᠯᠣᠨ᠎ᠠ᠃       ᠵᠠᠯᠠᠭᠤ ᠦᠰᠦ ᠵᠠᠰᠠᠭᠴᠢ᠄ ︽ᠡᠭᠡᠴᠢ ᠠ᠋ ᠳᠥᠴᠢᠨ ᠭᠡᠳᠦ ᠲᠠᠢ ᠪᠤᠢ︖ ᠲᠠᠪᠢ ᠣᠶᠢᠷᠠᠲᠤᠯ᠎ᠠ ᠦᠦ︖︾ ᠭᠡᠨ᠎ᠡ᠃ ᠬᠥᠭᠡᠷᠦᠬᠦᠢ ᠦᠰᠦ ᠵᠠᠰᠠᠭᠴᠢ ᠶᠢᠨ ᠬᠠᠷᠠᠭ᠎ᠠ ᠨᠢ ᠮᠠᠭᠤ ᠪᠠᠶᠢᠨ᠎ᠠ ᠭᠡᠬᠦ ᠭᠱᠠᠨ᠎ᠠ ︽ᠨᠠᠮ᠎ᠠ ᠪᠠᠷ ᠲᠣᠭᠯᠠᠵᠤ ᠪᠠᠶᠢᠬᠤ ᠨᠢ ᠦᠦ︖︾ ᠭᠡᠰᠡᠨ ᠪᠤᠳᠤᠯ ᠴᠤᠭ ᠲᠠᠭᠠᠨ ᠪᠠᠭᠤᠪᠠ᠃ ᠬᠢᠷᠳ᠋ᠬᠢᠨ ᠡᠷᠭᠢᠵᠦ ᠬᠠᠷᠠᠭᠠᠳ ᠵᠠᠯᠠᠭᠤ ᠶᠢ ᠠᠵᠢᠬᠤ ᠳᠤ ᠠᠷᠠᠢ ᠥᠭᠡᠷ᠎ᠡ ᠰᠠᠨᠠᠭ᠎ᠠ ᠦᠭᠡᠢ ᠰᠢᠭ ᠬᠡᠪ ᠲᠡᠭᠡᠨ ᠯᠠ ᠪᠠᠶᠢᠵᠤ ᠪᠠᠶᠢᠯ᠎ᠠ᠃       ︽ᠵᠠᠯᠠᠭᠤ ᠮᠢᠨᠢ᠂ ᠵᠢᠷᠠ ᠭᠦᠷᠦᠭᠡᠳ ᠵᠠᠵᠢᠨ ᠦᠰᠦ ᠪᠦᠷ ᠴᠠᠶᠢᠴᠢᠬᠠᠭᠰᠠᠨ ᠰᠢᠤ︾ ᠭᠡᠯ᠎ᠡ᠃       ︽ᠦᠰᠦ ᠴᠠᠶᠢᠬᠤ ᠪᠠᠷ ᠨᠠᠰᠤ ᠠᠬᠢᠭᠰᠠᠨ ᠭᠡᠵᠦ ᠲᠣᠳᠣᠯᠠᠵᠤ ᠴᠢᠳᠠᠬᠤ ᠦᠭᠡᠢ ᠪᠣᠯᠤᠭᠰᠠᠨ᠂ ᠵᠠᠯᠠᠭᠤᠴᠤᠳ ᠢᠳᠡᠷᠴᠦᠳ ᠭᠡᠳ ᠪᠤᠭᠤᠷᠤᠯ ᠦᠰᠦ ᠲᠠᠢ ᠨᠢ ᠪᠠᠶᠢᠬᠤ ᠯᠡ᠃ ᠲᠠ ᠬᠠᠷᠢᠨ ᠵᠢᠰᠦ ᠴᠢᠷᠠᠢ ᠪᠠᠨ ᠶᠠᠭᠠᠬᠢᠭᠰᠠᠨ ᠰᠠᠶᠢᠬᠠᠨ ᠬᠢᠮᠠᠭᠠᠳᠠᠵᠤ ᠪᠠᠶᠢᠭ᠎ᠠ ᠪᠤᠢ︖ ᠬᠠᠴᠠᠷ ᠨᠢᠭᠤᠷ ᠠᠴᠠ ᠴᠢᠨᠢ ᠭᠡᠭᠡ ᠲᠠᠲᠠᠭᠠᠳ᠂ ᠮᠠᠰᠢ ᠰᠦᠨᠡᠰᠦᠯᠢᠭ ᠬᠠᠷᠠᠭᠳᠠᠨ᠎ᠠ᠃ ᠲᠠ ᠯᠠᠪᠲᠠᠢ ᠤᠯᠠᠨ ᠲᠦᠷᠦᠯ ᠤᠨ ᠴᠢᠨᠠᠷ ᠰᠠᠶᠢᠲᠠᠢ ᠭᠤᠸᠠᠯᠢᠳᠠᠭ ᠡᠳ᠋ ᠬᠡᠷᠡᠭᠯᠡᠳᠡᠭ ᠪᠠᠶᠢᠬ᠎ᠠ︖︾ ᠭᠡᠨ᠎ᠡ᠃       ᠬᠡᠩ᠂ ᠦᠨᠡᠨ ᠳᠡᠭᠡᠨ ᠪᠢ ᠭᠠᠳᠠᠨ᠎ᠠ ᠪᠠᠨ ᠲᠦᠷᠭᠢᠭᠦ ᠨᠠᠭᠠᠬᠤ ᠵᠦᠢᠯᠡᠰ ᠢ ᠳᠡᠮᠡᠢ ᠴᠢᠬᠤᠯᠠᠴᠢᠯᠠᠳᠠᠭ ᠦᠭᠡᠢ ᠨᠢᠭᠡᠨ᠂ ᠭᠤᠣᠯ ᠨᠢ ᠠᠯᠵᠠᠭᠤ ᠲᠠᠢ ᠭᠡᠳᠡᠭ ᠨᠢ ᠬᠡᠷᠡᠭ ᠠ᠋᠂ ᠣᠷᠣᠢ ᠳᠠᠭᠠᠨ ᠨᠢᠭᠤᠷ ᠢᠶᠠᠨ ᠤᠬᠢᠶᠠᠬᠤ ᠦᠭᠡᠢ᠂ ᠨᠣᠮ ᠦᠵᠡᠵᠦ ᠨᠣᠮ ᠰᠣᠨᠣᠰᠴᠤ ᠪᠠᠶᠢᠭᠰᠠᠭᠠᠷ ᠤᠨᠲᠠᠴᠢᠬᠠᠳᠠᠭ᠃ ᠠᠵᠠ ᠪᠠᠷ ᠨᠣᠮ ᠪᠢᠴᠢᠭ ᠬᠥᠮᠥᠨ ᠢ ᠭᠤᠶᠣᠯᠠᠳᠠᠭ ᠨᠢ ᠵᠠᠪᠰᠢᠶᠠᠨ ᠪᠠᠶᠢᠵᠠᠢ᠃ ᠨᠣᠮ ᠤᠨ ᠰᠢᠮ᠎ᠡ ᠤᠶᠤᠨ ᠰᠠᠨᠠᠭ᠎ᠠ ᠶᠢ ᠴᠡᠯᠮᠡᠭᠰᠢᠭᠦᠯᠵᠦ᠂ ᠨᠣᠮ ᠤᠨ ᠭᠡᠷᠡᠯ ᠶᠠᠰᠤ ᠴᠢᠮᠦᠭᠡᠨ᠎ᠠ ᠨᠡᠪᠳᠡᠷᠡᠨ ᠨᠢᠭᠤᠷ ᠴᠢᠷᠠᠢ ᠶᠢ ᠠᠷᠢᠭᠤᠰᠬᠠᠨ᠂ ᠬᠦᠴᠦ ᠲᠠᠮᠢᠷ ᠢ ᠰᠡᠯᠪᠢᠳᠡᠭ ᠲᠡᠭᠡᠨ ᠪᠣᠯᠵᠤ ᠪᠠᠶᠢᠨ᠎ᠠ᠂ ᠲᠡᠭᠷᠢ ᠮᠢᠨᠢ᠃ ᠵᠣᠯ ᠢᠶᠠᠷ ᠪᠢ ᠨᠣᠮ ᠤᠩᠰᠢᠳᠠᠭ ᠨᠢᠭᠡᠨ᠂ ᠨᠣᠮ ᠪᠢᠴᠢᠳᠡᠭ ᠨᠢᠭᠡᠨ ᠪᠠᠶᠢᠭᠰᠠᠨ ᠳᠠᠭᠠᠨ ᠪᠣᠯᠵᠠᠢ᠃ ᠵᠣᠯ ᠢᠶᠠᠷ ᠪᠢ ᠤᠷᠠᠨ ᠵᠢᠷᠤᠭ ᠤᠷᠠᠨ ᠪᠢᠴᠢᠯᠭᠡ ᠳᠤ ᠳᠤᠷ᠎ᠠ ᠲᠠᠢ᠂ ᠪᠠᠰᠠ ᠤᠷᠠᠨ ᠪᠢᠴᠢᠨ᠎ᠡ ᠭᠡᠵᠦ ᠡᠯᠳᠡᠪ ᠢᠶᠠᠷ ᠡᠷᠢᠶᠡᠴᠢᠳᠡᠭ ᠨᠢᠭᠡᠨ᠃ ᠪᠢᠷ ᠴᠠᠭᠠᠰᠤ ᠶᠢ ᠤᠰᠤ ᠴᠠᠰᠤ ᠮᠡᠲᠦ ᠦᠷᠡᠭᠡᠳᠡᠭ ᠴᠤ ᠤᠷᠠᠯᠢᠭ ᠲᠤ ᠰᠣᠭᠲᠣᠬᠤ ᠡᠴᠢᠨ᠎ᠡ ᠶᠢᠨ ᠵᠢᠷᠭᠠᠯ ᠢ ᠬᠡᠨ ᠲᠠᠢ ᠴᠤ ᠬᠤᠪᠢᠶᠠᠯᠴᠠᠮᠠᠷ ᠦᠭᠡᠢ ᠬᠠᠷᠠᠮᠴᠢ᠃       ᠵᠢᠷᠠ ᠭᠦᠷᠦᠯ᠎ᠡ᠂ ᠵᠢᠷᠠ ᠲᠠᠢ ᠪᠦᠰᠡᠭᠦᠢ ᠰᠦᠨᠡᠰᠦᠯᠢᠭ ᠪᠠᠶᠢᠬᠤ ᠰᠠᠶᠢᠬᠠᠨ᠃       ᠰᠦᠨᠡᠰᠦᠯᠢᠭ ᠪᠦᠰᠡᠭᠦᠢ ᠤᠯᠠᠨ ᠢ ᠦᠵᠡᠵᠦ ᠣᠪᠣᠭ᠎ᠠ ᠶᠢ ᠥᠩᠭᠡᠷᠡᠭᠡᠭᠡᠳ ᠦᠯᠡᠮᠵᠢ ᠶᠢᠨ ᠰᠤᠷᠭᠠᠮᠵᠢ ᠦᠨᠡᠨ ᠲᠤᠷᠰᠢᠯᠭ᠎ᠠ ᠶᠢ ᠬᠤᠷᠠᠮᠳᠤᠭᠤᠯᠤᠭᠰᠠᠨ ᠡᠷᠳᠡᠨᠢ ᠶᠢᠨ ᠬᠠᠶᠢᠷᠴᠠᠭ ᠪᠢᠯᠢᠦ᠃ ᠰᠦᠨᠡᠰᠦᠯᠢᠭ ᠪᠦᠰᠡᠭᠦᠢ ᠶᠢᠨ ᠨᠢᠳᠦ ᠨᠢ ᠲᠤᠩᠭᠠᠯᠠᠭ᠂ ᠣᠯᠠᠩᠬᠢ ᠦᠭᠡ ᠶᠢ ᠨᠢᠳᠦ ᠪᠠᠷ ᠢᠶᠠᠨ ᠬᠡᠯᠡᠵᠦ᠂ ᠶᠡᠬᠡᠩᠬᠢ ᠤᠴᠢᠷ ᠢ ᠨᠢᠳᠦᠨ ᠳᠡᠭᠡᠨ ᠪᠠᠭᠲᠠᠭᠠᠵᠤ᠂ ᠪᠦᠭᠦ ᠶᠠᠪᠤᠳᠠᠯ ᠳᠤ ᠲᠠᠶᠢᠪᠤᠭᠤᠨ ᠠᠮᠤᠭᠤᠯᠠᠩ ᠬᠠᠨᠳᠤᠵᠤ᠂ ᠬᠤᠯᠠ ᠶᠢ ᠬᠠᠷᠠᠵᠤ ᠠᠯᠤᠰ ᠢ ᠳᠤᠷᠠᠨᠳᠠᠳᠠᠭ᠃ ᠰᠦᠨᠡᠰᠦᠯᠢᠭ ᠪᠦᠰᠡᠭᠦᠢ ᠶᠢᠨ ᠬᠠᠮᠠᠷ ᠨᠢ ᠪᠡᠬᠡᠰ ᠤᠨ ᠦᠨᠦᠷ ᠡᠪᠡᠰᠦᠨ ᠤ ᠵᠠᠨᠠᠷ ᠲᠤ ᠨᠢᠭᠡᠨ᠎ᠡ ᠨᠠᠶᠢᠷᠠᠮᠳᠠᠭᠤ᠃ ᠵᠥᠭᠡᠢ ᠮᠡᠲᠦ ᠡᠷᠪᠡᠬᠡᠢ ᠠᠳᠠᠯᠢ᠂ ᠴᠡᠴᠡᠭ ᠤᠨ ᠠᠩᠬᠢᠯᠤᠮ᠎ᠠ ᠦᠨᠦᠷ ᠢ ᠲᠠᠭᠠᠵᠤ ᠪᠠᠯ ᠴᠤᠭᠯᠠᠭᠤᠯᠤᠨ᠂ ᠨᠠᠶᠢᠷᠠᠭ ᠨᠡᠷᠡᠵᠦ ᠶᠠᠭᠠᠷᠠᠳᠠᠭ᠃ ᠰᠦᠨᠡᠰᠦᠯᠢᠭ ᠪᠦᠰᠡᠭᠦᠢ ︽ᠠᠮᠠᠨ ᠠᠴᠠ ᠪᠠᠨ ᠨᠢᠭᠡ ᠴᠦ ᠮᠠᠭᠤ ᠦᠭᠡ ᠶᠢ ᠪᠤᠤ ᠭᠠᠷᠭ᠎ᠠ᠂ ᠬᠠᠷᠢᠨ ᠬᠥᠮᠥᠨ ᠢ ᠪᠣᠰᠬᠠᠨ ᠪᠠᠶᠢᠭᠤᠯᠬᠤ ᠳᠤ ᠲᠤᠰᠠ ᠪᠤᠯᠬᠤ ᠰᠠᠶᠢᠨ ᠢ ᠯᠠ ᠶᠠᠷᠢ᠂ ᠲᠡᠷᠡ ᠦᠭᠡ ᠴᠢᠨᠢ ᠰᠣᠨᠣᠰᠤᠭᠴᠢᠳ ᠲᠤ ᠢᠪᠡᠭᠡᠯ ᠢ ᠳᠠᠮᠵᠢᠭᠤᠯᠬᠤ ᠪᠣᠯᠣᠨ᠎ᠠ︾ ᠭᠡᠬᠦ ᠨᠣᠮ ᠤᠨ ᠤᠳᠬ᠎ᠠ ᠳᠤ ᠪᠣᠯᠪᠠᠰᠤᠷᠠᠨ᠂ ᠬᠡᠯᠡᠨ ᠤ ᠭᠡᠮ ᠢᠶᠠᠨ ᠠᠷᠢᠭᠤᠰᠬᠠᠵᠤ᠂ ᠦᠭᠡ ᠶᠢᠨ ᠬᠦᠴᠦᠨ ᠢ ᠪᠠᠳᠠᠷᠠᠭᠠᠨ ᠪᠠᠶᠢᠬᠤ ᠨᠢ ᠦᠵᠡᠰᠬᠦᠯᠡᠩᠲᠡᠢ᠂ ᠦᠭᠡ ᠨᠢ ᠨᠡᠩ ᠢᠳᠡᠲᠡᠢ᠃ ᠡᠷᠲᠡᠨ ᠤ ᠨᠣᠮ ᠳᠤ᠄ ︽ᠡᠬᠢᠨ ᠳᠤ ᠦᠭᠡ ᠪᠠᠶᠢᠭᠰᠠᠨ ᠁ ᠪᠦᠭᠦ ᠶᠠᠭᠤᠮ᠎ᠠ ᠦᠭᠡ ᠪᠠᠷ ᠪᠦᠲᠦᠭᠰᠡᠨ ᠁︾ ᠭᠡᠵᠦ ᠨᠣᠮᠯᠠᠭᠰᠠᠨ᠂ ᠪᠠᠶᠢᠭᠰᠠᠨ ᠪᠠᠶᠢᠭ᠎ᠠ ᠪᠠᠶᠢᠬᠤ ᠶᠢᠨ ᠥᠨᠢ ᠮᠥᠩᠬᠡ ᠶᠢᠨ ᠢᠷᠦᠭᠡᠯ ᠢ ᠤᠩᠰᠢᠯᠭ᠎ᠠ ᠪᠣᠯᠭᠠᠨ ᠦᠯᠡᠳᠡᠭᠡᠭᠰᠡᠨ ᠵᠢᠷᠠ ᠲᠠᠢ ᠪᠦᠰᠡᠭᠦᠢ ᠲᠡᠷᠡ ᠶᠣᠰᠣᠨ ᠢ ᠲᠠᠭᠠᠳᠠᠭ᠃       ᠰᠦᠨᠡᠰᠦᠯᠢᠭ ᠪᠦᠰᠡᠭᠦᠢ ᠶᠢᠨ ᠴᠢᠬᠢ ᠨᠢ ᠮᠥᠨ ᠰᠣᠷᠭᠤᠭ᠃ ᠲᠦᠷᠪᠡᠨ ᠲᠠᠯᠠᠢ ᠶᠢᠨ ᠱᠤᠤᠭᠢᠶᠠᠨ ᠢ ᠰᠣᠨᠣᠷᠳᠠᠵᠤ᠂ ᠲᠠᠪᠤᠨ ᠲᠢᠪ ᠤᠨ ᠰᠤᠷᠠᠭ ᠵᠠᠩᠭᠢ ᠳᠤ ᠰᠡᠷᠭᠡᠭ᠂ ᠬᠠᠭᠠᠨ ᠬᠥᠭᠵᠢᠮ ᠤᠨ ᠬᠦᠩᠭᠢᠨᠡᠭᠡ᠂ ᠬᠠᠳᠤᠨ ᠠᠶᠠᠯᠭᠤ ᠶᠢᠨ ᠴᠤᠤᠷᠢᠶ᠎ᠠ᠂ ᠨᠡᠷᠡᠳᠦ ᠴᠢᠪᠬᠠᠳᠠᠰᠤ ᠶᠢᠨ ᠬᠠᠩᠭᠢᠨᠠᠭ᠎ᠠ᠂ ᠨᠠᠶᠢᠷᠠᠯ ᠳᠠᠭᠤᠤ ᠶᠢᠨ ᠢᠷᠠᠭᠤ ᠠᠶ᠎ᠠ ᠰᠢᠯᠦᠭ ᠪᠣᠯᠵᠤ ᠨᠣᠲ ᠪᠣᠯᠵᠤ᠂ ᠰᠤᠳᠠᠯ ᠰᠢᠷᠪᠦᠰᠦ ᠰᠦᠭ ᠰᠦᠨᠡᠰᠦᠨ ᠳᠤᠨᠢ ᠤᠶᠠᠩᠭᠠᠷᠠᠨ᠎ᠠ᠃ᠵᠢᠷᠠ ᠭᠦᠷᠦᠭᠰᠡᠨ᠂ ᠵᠦᠪᠭᠡᠨ ᠵᠢᠷᠠ ᠭᠦᠷᠦᠭᠰᠡᠨ ᠲᠡᠳᠦᠢ᠃       ᠵᠢᠷᠠ ᠲᠠᠢ ᠪᠦᠰᠡᠭᠦᠢ ᠬᠥᠯ ᠬᠥᠩᠭᠡᠬᠡᠨ ᠪᠠᠶᠢᠬᠤ ᠤᠴᠢᠷᠲᠠᠢ᠃ ᠬᠤᠯᠠ ᠶᠠᠪᠤᠵᠤ ᠬᠤᠲᠠᠯᠠ ᠶᠢ ᠲᠣᠭᠤᠷᠢᠬᠤ ᠠᠶᠠᠯᠠᠯ ᠳᠤ ᠭᠠᠷᠬᠤ ᠶᠤᠮ᠃ ᠠᠩᠬ᠎ᠠ ᠤᠳᠠᠭ᠎ᠠ ᠠᠭᠠᠷ ᠢᠶᠠᠷ ᠨᠢᠰᠴᠦ ᠮᠥᠷᠥᠭᠡᠳᠦᠯ ᠤᠨ ᠰᠢᠨᠵᠢᠶᠠᠩ ᠳᠤ ᠬᠦᠷᠴᠡᠢ᠃ ᠲᠡᠷᠡ ᠨᠢᠰᠬᠡᠯ ᠬᠥᠯ ᠢ ᠬᠥᠷᠥᠰᠥᠨ ᠳᠤ ᠬᠦᠷᠭᠡᠯ ᠦᠭᠡᠢ ᠵᠠᠢ ᠶᠢ ᠲᠣᠪᠴᠢᠯᠠᠵᠤ ᠵᠠᠮ ᠢ ᠪᠣᠭᠤᠨᠢᠰᠬᠠᠭᠠᠳ ᠭᠤᠷᠪᠠᠭ᠋ᠠᠨ ᠴᠠᠭ ᠤᠨ ᠲᠠᠷᠠᠭ᠎ᠠ ᠰᠢᠨᠵᠢᠶᠠᠩ ᠤᠨ ᠠᠭᠤᠯᠠ ᠤᠰᠤᠨ ᠳᠤ ᠪᠠᠭᠤᠯᠭᠠᠭᠰᠠᠨ ᠶᠤᠮ᠂ ᠨᠢᠭᠡ ᠠᠭᠤᠯᠠᠨ ᠳᠤ ᠲᠦᠷᠪᠠᠨ ᠤᠯᠠᠷᠢᠯ ᠡᠭᠡᠯᠵᠢᠯᠡᠵᠦ ᠪᠠᠶᠢᠭ᠎ᠠ ᠶᠢ ᠦᠵᠡᠬᠦ ᠳᠤ ᠰᠠᠶᠢᠬᠠᠨ᠂ ᠭᠦᠷᠳᠡᠭᠦ ᠳᠤ ᠭᠠᠶᠢᠬᠠᠮᠰᠢᠭᠲᠠᠢ᠃ ᠮᠥᠰᠥ ᠴᠠᠰᠤᠨ ᠤᠷᠭᠢᠯ ᠢ ᠨᠢ ᠪᠠᠷᠠᠯᠠᠵᠤ᠂ ᠮᠡᠯᠮᠡᠷᠡᠨ ᠤᠷᠤᠰᠬᠤ ᠬᠠᠶᠢᠯ ᠳᠤᠨᠢ ᠪᠠᠶᠠᠰᠴᠤ᠂ ᠴᠡᠴᠡᠭ ᠨᠠᠪᠴᠢ ᠳᠡᠯᠭᠡᠷᠡᠭᠰᠡᠨ ᠬᠤᠷᠮᠣᠢ ᠳᠤᠨᠢ ᠬᠤᠷᠭᠤᠳᠠᠵᠤ᠂ ᠰᠠᠶᠢᠬᠠᠨ ᠰᠠᠶᠢᠷᠠᠮ ᠲᠠᠢ ᠤᠯᠠᠭᠠᠨ ᠨᠢᠭᠤᠷ ᠢᠶᠠᠷ ᠢᠶᠠᠨ ᠠᠭᠤᠯᠵᠠᠯ᠎ᠠ᠃ ᠴᠠᠬᠠᠷ ᠴᠠᠶᠢᠯᠠᠯᠭ᠎ᠠ᠂ ᠣᠶᠢᠷᠠᠳ ᠲᠠᠶᠢᠯᠠᠯᠭ᠎ᠠ᠂ ᠣᠶᠢᠷ᠎ᠠ ᠳᠣᠲᠣᠨᠣ ᠬᠠᠷᠢᠯᠴᠠᠭ᠎ᠠ ᠶᠠᠪᠤᠯᠴᠠᠭ᠎ᠠ ᠬᠠᠨ ᠬᠤᠷᠸ᠎ᠠ ᠶᠢ ᠵᠢᠵᠢᠭᠷᠡᠭᠦᠯᠵᠦ ᠬᠠᠷᠢᠨ ᠵᠦᠪᠭᠡᠨ ᠵᠢᠷᠠ ᠲᠠᠢ ᠪᠢᠳᠡᠨᠦᠰ ᠯᠠ ᠵᠢᠷᠭᠠᠯᠲᠠᠢ ᠭᠡᠮᠡᠷ ᠪᠠᠶᠢᠵᠠᠢ᠃ ᠲᠡᠷᠡ ᠬᠤᠯᠠ ᠶᠢᠨ ᠲᠡᠦᠬᠡ ᠨᠢ ᠲᠡᠷᠡ ᠴᠢᠭ ᠲᠡᠭᠡᠨ ᠬᠠᠯᠠᠭᠤᠬᠠᠨ ᠤᠷᠤᠮ ᠲᠠᠢ᠂ ᠲᠦᠷᠦ ᠶᠢᠨ ᠥᠬᠢᠳ ᠤᠨ ᠤᠯᠠᠭ᠎ᠠ ᠦᠷᠳᠡᠭᠡ᠂ ᠲᠣᠷᠭᠠᠨ ᠵᠠᠮ ᠤᠨ ᠦᠨ᠎ᠡ ᠬᠠᠶᠠᠯᠴᠠᠭ᠎ᠠ᠂ ᠲᠡᠮᠡᠭᠡᠨ ᠵᠢᠩ ᠤᠨ ᠬᠤᠩᠬᠤᠨ ᠲᠠᠭᠤᠨ᠂ ᠪᠠᠰᠠ ᠰᠣᠳᠣᠨ ᠪᠡᠶᠡᠯᠡᠯ ᠰᠠᠪᠠᠷᠳᠠᠩ᠂ ᠦᠨᠦᠷ ᠥᠳᠬᠡᠨ ᠤᠷᠳᠤ ᠶᠢᠨ ᠳᠠᠭᠤᠤ᠂ ᠴᠡᠭᠡᠵᠢ ᠰᠠᠶᠢᠲᠤ ᠶᠢᠨ ᠬᠠᠶᠢᠯᠳᠠᠭ ᠭᠡᠰᠡᠷ ᠵᠠᠩᠭᠠᠷ ᠭᠡᠳ ᠥᠨᠢᠷ ᠪᠠᠶᠠᠯᠢᠭ ᠰᠢᠨᠵᠢᠶᠠᠩ ᠤᠨ ᠥᠩᠭᠡ ᠦᠵᠡᠮᠵᠢ ᠦᠯᠢᠭᠡᠷ ᠲᠡᠦᠬᠡ᠂ ᠬᠥᠮᠥᠨ ᠵᠤᠨ ᠤ ᠴᠠᠶᠢᠯᠭᠠᠨ ᠴᠠᠭᠠᠪᠤᠷ ᠤᠨ ᠠᠯᠢ ᠶᠢ ᠨᠢ ᠶᠠᠷᠢᠬᠤᠪ ᠳ᠋ᠠ᠃       ᠠᠮᠵᠢᠭᠠᠳ ᠪᠠᠰᠠ ᠠᠯᠠᠱᠠ ᠳᠤ ᠭᠦᠷᠦᠯ᠎ᠡ᠂ ᠠᠯᠠᠱᠠ ᠸᠠᠩ ᠤᠨ ᠣᠷᠳᠣᠨ ᠤ ᠪᠣᠱᠤᠭ᠎ᠠ ᠶᠢ ᠬᠥᠯ ᠬᠥᠩᠭᠡᠬᠡᠨ ᠠᠯᠬᠤᠨ᠂ ᠡᠷᠲᠡ ᠡᠳᠦᠭᠡ ᠶᠢ ᠨᠢ ᠰᠡᠬᠦᠵᠦ ᠵᠠᠬ᠎ᠠ ᠵᠤᠬᠠᠰ ᠠᠴᠠ ᠴᠤ ᠭᠡᠰᠡᠨ ᠣᠶᠢᠯᠠᠭᠠᠨ᠂ ᠸᠠᠩ ᠤᠨ ᠬᠠᠳᠤᠨ ᠰᠧᠪᠡᠯᠮ᠎ᠡ ᠶᠢᠨ ᠥᠰᠴᠦ ᠲᠦᠷᠦᠭᠰᠡᠨ ᠭᠠᠵᠠᠷ ᠰᠢᠷᠣᠢ ᠳᠡᠭᠡᠷ᠎ᠡ ᠤᠯᠠ ᠮᠥᠷ ᠢ ᠨᠢ ᠬᠠᠶᠢᠵᠤ᠂ ᠬᠤᠯᠠ ᠮᠣᠷᠳᠠᠭᠰᠠᠨ ᠨᠠᠪᠴᠢ ᠭᠦᠩᠵᠦ ᠶᠢᠨ ᠰᠠᠨᠠᠯ ᠮᠥᠷᠥᠭᠡᠳᠦᠯ ᠢ ᠮᠡᠳᠡᠷᠡᠨ᠂ ᠭᠤᠷᠪᠠᠨ ᠮᠢᠩᠭᠠᠨ ᠣᠨ ᠤ ᠡᠮᠦᠨᠡᠬᠢ ᠲᠣᠣᠷᠠᠢ ᠶᠢᠨ ᠪᠣᠯᠵᠤᠭ᠎ᠠ ᠳᠤ ᠵᠠᠪᠳᠤᠭᠠᠳ ᠣᠴᠢᠭᠰᠠᠨ ᠨᠢ ᠮᠥᠨ ᠵᠣᠯ ᠵᠠᠪᠰᠢᠶᠠᠨ᠃       ᠵᠢᠷᠠ ᠭᠦᠷᠦᠯ᠎ᠡ᠂ ᠵᠠᠪᠳᠤᠭᠠᠳ ᠬᠢᠬᠦ ᠪᠠᠨ ᠬᠢᠵᠦ ᠪᠠᠶᠢᠬᠤ ᠨᠢ ᠵᠥᠪ᠃       ᠵᠢᠷᠠ ᠲᠠᠢ ᠪᠦᠰᠡᠭᠦᠢ ᠶᠢᠨ ᠭᠠᠷ ᠪᠤᠰᠢᠭᠤ᠂ ᠬᠤᠷᠤᠭᠤᠳ ᠨᠢ ᠤᠷᠠᠨ᠃ ᠵᠢᠷᠠ ᠲᠠᠢ ᠪᠦᠰᠡᠭᠦᠢ ᠶᠡᠷᠦ ᠨᠢ ᠬᠡᠯᠡᠬᠦ ᠶᠢᠨ ᠣᠷᠣᠨ ᠳᠤ ᠬᠢᠵᠦ ᠪᠡᠶᠡᠯᠡᠭᠦᠯᠴᠢᠬᠡᠳᠡᠭ᠃ ᠣᠮᠪᠣᠯᠣ ᠬᠠᠷᠠᠬᠤ ᠳᠤ ᠮᠡᠷᠭᠡᠰᠢᠭᠰᠡᠨ᠂ ᠤᠮᠳᠠ ᠬᠤᠭᠤᠯᠠ ᠲᠣᠬᠢᠷᠠᠭᠤᠯᠬᠤ ᠳᠠᠭᠠᠨ ᠲᠤᠰᠬᠠᠶᠢᠵᠢᠭᠰᠠᠨ᠂ ᠬᠤᠪᠴᠠᠰᠤ ᠬᠤᠨᠠᠷ ᠤᠬᠢᠶᠠᠬᠤ ᠳᠠᠭᠠᠨ ᠭᠠᠷᠰᠢᠭᠰᠠᠨ᠂ ᠭᠡᠷ ᠭᠠᠳᠠᠨᠠᠬᠢ ᠶᠢ ᠴᠠᠭ ᠲᠤᠨᠢ ᠠᠮᠵᠢᠭᠤᠯᠴᠢᠬᠠᠳᠠᠭ ᠨᠢ ᠬᠡᠴᠡᠭᠦᠦ᠃ ᠡᠷᠲᠡ ᠪᠣᠰᠴᠤ ᠣᠷᠣᠢ ᠤᠨᠲᠠᠬᠤ ᠪᠠᠷ ᠵᠢᠷᠠ ᠲᠠᠢ ᠪᠦᠰᠡᠭᠦᠢ ᠳᠤ ᠡᠳᠦᠷ ᠠᠭᠠᠵᠢᠭᠤ᠂ ᠰᠥᠨᠢ ᠲᠡᠨᠢᠭᠦᠬᠡᠨ᠃ ᠶᠠᠪᠤᠳᠠᠯ ᠬᠢᠳᠡᠯ ᠤᠨ ᠵᠠᠪᠰᠠᠷ ᠥᠭᠡᠳᠡ ᠤᠷᠤᠭᠤ ᠵᠠᠮᠨᠠᠬᠤ ᠶᠢᠨ ᠬᠤᠷᠣᠮ ᠳᠤ ᠠᠯᠳᠠ ᠮᠥᠩᠭᠦᠨ ᠳᠡᠯᠭᠡᠭᠦᠷ ᠢᠶᠠᠷ ᠪᠠᠭᠤᠵᠤ᠂ ᠪᠠᠭᠤᠤ ᠪᠦᠭᠡᠵᠢ ᠰᠣᠩᠭᠤᠬᠤ ᠳᠠᠭᠠᠨ ᠴᠢᠳᠠᠮᠠᠭᠠᠢ᠂ ᠣᠨᠴᠠᠭᠠᠶᠢᠯᠠᠨ ᠪᠣᠭᠴᠣ ᠦᠵᠡᠪᠡᠯ ᠠᠪᠳᠠᠭ ᠯᠠ ᠵᠠᠩᠰᠢᠯ ᠲᠠᠢ᠃ ᠥᠪᠡᠷ ᠪᠢ ᠪᠠᠨ ᠴᠡᠪᠡᠷ ᠴᠡᠮᠴᠡᠭᠡᠷ ᠭᠤᠶᠣᠯᠠᠬᠤ ᠳᠠᠭᠠᠨ ᠬᠡᠨ ᠢ ᠴᠤ ᠭᠠᠷᠲᠠᠭᠠᠵᠤ ᠮᠡᠳᠡᠬᠦ ᠪᠠᠭᠰᠢᠲᠠᠨ᠃ ᠪᠣᠯᠤᠮᠠᠷ ᠬᠡᠳᠦᠨ ᠪᠦᠰᠡᠭᠦᠶᠢᠴᠦᠳ ᠲᠠᠢ ᠪᠠᠨ ᠬᠡᠵᠢᠶ᠎ᠡ ᠨᠢᠭᠡ ᠪᠣᠯᠵᠣᠪᠠᠯ ᠬᠥᠭᠯᠡᠭᠰᠡᠨ ᠬᠡᠷᠡᠭ ᠠ᠋᠂ ᠠᠭᠤᠯᠵᠠᠬᠤ ᠠᠴᠠ ᠰᠠᠯᠬᠤ ᠭᠦᠷᠳᠡᠯ᠎ᠡ ᠨᠢᠭᠡ ᠯᠠ ᠭᠦᠭ ᠲᠡᠭᠡᠨ ᠪᠠᠶᠠᠷ ᠭᠦᠷ ᠢᠶᠠᠷ ᠪᠢᠯᠬᠠᠷᠠᠮ᠎ᠠ᠃ ᠬᠡᠳᠦᠨ ᠬᠥᠮᠥᠨ ᠪᠠᠶᠢᠪᠠᠯ ᠬᠡᠳᠦᠭᠦᠯᠡ ᠶᠠᠭᠠᠷᠠᠵᠤ᠂ ᠬᠡᠴᠢᠨᠡᠨ ᠬᠤᠨᠤᠭ ᠤᠨ ᠬᠥᠷᠥᠩᠭᠡᠰᠢᠭᠰᠡᠨ ᠦᠭᠡᠰ ᠢᠶᠠᠨ ᠥᠭᠦᠯᠡᠷᠦᠨ᠂ ᠬᠡᠨ ᠨᠢ ᠰᠣᠨᠣᠰᠴᠤ ᠬᠡᠨ ᠳᠡᠭᠡᠨ ᠰᠣᠨᠣᠰᠬᠠᠵᠤ ᠪᠠᠶᠢᠬᠤ ᠪᠠᠨ ᠮᠡᠳᠡᠬᠦ ᠦᠭᠡᠢ ᠬᠦᠦᠷᠨᠢᠯᠳᠦᠨ᠎ᠡ᠃ ᠢᠯᠠᠩᠭᠤᠶ᠎ᠠ ᠣᠷᠣᠯᠳᠣᠯᠭ᠎ᠠ ᠰᠠᠶᠢᠲᠠᠢ ᠵᠢᠷᠠ ᠭᠦᠷᠦᠭᠰᠡᠨ ᠪᠦᠰᠡᠭᠦᠢ ᠭᠡᠳᠡᠭ ᠴᠢᠨᠢ ᠨᠢᠭᠡ ᠪᠤᠳᠠ ᠤᠳ᠋ᠪᠠᠯ᠎ᠠ᠂ ᠨᠢᠭᠡ ᠪᠤᠳᠤᠩ ᠲᠠᠷᠠᠰᠤᠨ᠂ ᠨᠢᠭᠡ ᠳᠡᠪᠲᠡᠷ ᠵᠤᠵᠠᠭᠠᠨ ᠨᠣᠮ ᠭᠡᠰᠡᠨ ᠦᠭᠡ᠃ ᠡᠨᠡ ᠬᠦ ᠵᠤᠵᠠᠭᠠᠨ ᠨᠣᠮ ᠢ ᠲᠡᠳᠡ ᠵᠢᠷᠠᠨ ᠵᠢᠯ ᠤᠨ ᠲᠤᠷᠰᠢ ᠪᠢᠴᠢᠵᠦ ᠨᠠᠶᠢᠷᠠᠭᠤᠯᠤᠭᠰᠠᠨ ᠶᠤᠮ᠃ ᠨᠣᠮ ᠤᠨ ᠳᠣᠲᠣᠷ᠎ᠠ ᠵᠢᠷᠠ ᠲᠠᠢ ᠪᠦᠰᠡᠭᠦᠢ ᠶᠢᠨ ᠲᠤᠭᠤᠯᠵᠤ ᠢᠷᠡᠭᠰᠡᠨ ᠠᠮᠢᠳᠤᠷᠠᠯ ᠪᠤᠢ᠂ ᠵᠢᠳᠬᠦᠵᠦ ᠶᠠᠪᠤᠭᠰᠠᠨ ᠦᠢᠯᠡᠰ ᠪᠤᠢ᠂ ᠪᠢᠴᠢᠵᠦ ᠵᠢᠷᠤᠭᠰᠠᠨ ᠪᠦᠲᠦᠭᠡᠯ ᠤᠳ ᠪᠤᠢ᠃ ᠪᠦᠲᠦᠭᠡᠯ ᠤᠳ ᠨᠢ ᠬᠥᠮᠥᠨ ᠲᠦᠷᠦᠭᠰᠡᠤᠨ ᠤᠨ ᠰᠣᠶᠣᠯ ᠲᠡᠦᠬᠡ ᠳᠤ ᠬᠤᠪᠢ ᠨᠡᠮᠡᠷᠢ ᠪᠣᠯᠵᠤ᠂ ᠦᠷ᠎ᠡ ᠠᠴᠢ ᠨᠠᠷ ᠲᠤᠨᠢ ᠥᠪ ᠬᠥᠷᠥᠩᠭᠡ ᠪᠣᠯᠵᠤ᠂ ᠥᠪᠡᠷ ᠪᠢ ᠳᠤᠨᠢ ᠡᠷᠭᠢᠴᠡᠭᠦᠯᠦᠯ ᠪᠤᠯᠳᠠᠭ ᠠ᠋᠃       ᠵᠢᠷᠠ ᠬᠦᠷᠬᠦ ᠳᠤ ᠶᠠᠭᠠᠬᠢᠬᠤᠪ᠂ ᠵᠦᠪᠭᠡᠨ ᠵᠢᠷᠠ ᠭᠦᠷᠦᠭᠰᠡᠨ ᠲᠡᠳᠦᠢ᠃       ᠭᠡᠬᠦ ᠳᠤ ᠵᠢᠷᠠ ᠲᠠᠢ ᠪᠦᠰᠡᠭᠦᠢ ᠬᠠᠶᠠ ᠪᠠᠰᠠ ᠰᠠᠨᠠᠯ ᠮᠥᠷᠥᠭᠡᠳᠦᠯ ᠳᠤ ᠤᠨᠠᠳᠠᠭ ᠴᠤ ᠪᠢᠯᠡ᠃ ᠢᠨᠠᠭ ᠳᠣᠲᠣᠨᠣ ᠬᠠᠶᠢᠷ᠎ᠠ ᠬᠠᠶᠢᠷ᠎ᠠ ᠶᠢᠨ ᠴᠤᠤᠷᠢᠶ᠎ᠠ᠂ ᠦᠶ᠎ᠡ ᠦᠶ᠎ᠡ ᠣᠶᠢᠷᠠᠲᠤᠨ ᠬᠡᠰᠡᠭ ᠬᠡᠰᠡᠭ ᠬᠤᠯᠠᠳᠠᠪᠠᠴᠤ ᠪᠢᠯᠢᠭ ᠠᠪᠬᠠᠯᠵᠢ ᠡᠭᠡᠨᠡᠭᠲᠡ ᠳᠡᠯᠭᠡᠷᠡᠬᠦ ᠳᠤ᠂ ᠪᠠᠳᠠᠭ ᠰᠢᠯᠦᠭ ᠱᠠᠳ ᠳᠠᠷᠠᠭᠠᠯᠠᠵᠤ ᠪᠠᠭᠤᠬᠤ᠂ ᠤᠷᠳᠤ ᠵᠣᠬᠢᠶᠠᠯ ᠤᠳᠬ᠎ᠠ ᠥᠳᠬᠡᠷᠡᠨ ᠪᠠᠭᠤᠬᠤ᠂ ᠠᠮᠢᠳᠤᠷᠠᠯ ᠪᠠᠶᠢᠭᠠᠯᠢ ᠥᠩᠭᠡ ᠢᠯᠭᠠᠷᠠᠨ ᠪᠠᠭᠤᠬᠤ᠂ ᠡᠨᠡ ᠬᠤᠷᠸ᠎ᠠ ᠡᠰᠡᠨᠢᠯ ᠲᠥᠯᠵᠢᠯ ᠢᠶᠠᠷ ᠳᠦᠷᠡᠯᠵᠡᠵᠦ᠂ ᠵᠢᠷᠠ ᠲᠠᠢ ᠪᠦᠰᠡᠭᠦᠢ ᠶᠢᠨ ᠵᠢᠷᠭᠠᠯ ᠲᠠᠢ ᠠᠮᠢᠳᠤᠷᠠᠯ ᠳᠤ ᠪᠠᠶᠠᠷ ᠪᠠᠭ᠋ᠠᠳᠤᠯ ᠴᠡᠩᠬᠡᠷ ᠪᠣᠷᠤᠭ᠎ᠠ ᠰᠢᠭ᠋ ᠱᠠᠭᠢᠵᠤ ᠰᠡᠳᠬᠢᠯ ᠵᠢᠷᠦᠬᠡ ᠶᠢ ᠨᠢ ᠤᠮᠳᠠᠯᠠᠨ᠎ᠠ᠃ ᠬᠠᠶᠠ ᠨᠢᠭᠡ ᠡᠪᠦᠭᠡᠨ᠂ ᠵᠠᠷᠢᠮ ᠨᠢᠭᠡ ᠢᠳᠡᠷ ᠡᠷ᠎ᠡ᠂ ᠲᠤᠩ ᠬᠤᠪᠣᠷᠬᠠᠨ ᠳᠠᠭᠠᠨ ᠠᠯᠢ ᠨᠢᠭᠡ ᠵᠠᠯᠠᠭᠤ᠂ ᠵᠢᠷᠠ ᠲᠠᠢ ᠪᠦᠰᠡᠭᠦᠢ ᠳᠤ ᠶᠠᠭᠤ ᠨᠢᠭᠡ ᠶᠢ ᠶᠠᠷᠢᠵᠤ᠂ ᠤᠬᠠᠭᠠᠨ ᠠᠯᠳᠠᠭᠤᠯᠳᠠᠭ ᠤᠳᠠᠭ᠎ᠠ ᠴᠤ ᠪᠤᠢ᠃ ᠭᠡᠬᠦ ᠳᠤ ᠵᠢᠷᠠ ᠲᠠᠢ ᠪᠦᠰᠡᠭᠦᠢ ᠬᠠᠷᠢᠨ ᠠᠷᠪᠠᠨ ᠨᠠᠢᠮᠠ ᠲᠠᠢ ᠥᠬᠢᠨ ᠰᠢᠭ ᠪᠦᠱᠦᠭᠦᠷᠭᠡᠳᠡᠭ ᠴᠤ ᠦᠭᠡᠢ ᠰᠠᠨᠳᠤᠷᠳᠠᠭ ᠴᠤ ᠦᠭᠡᠢ᠂ ᠭᠦᠨ ᠤᠰᠤᠨ ᠮᠡᠲᠦ ᠲᠠᠶᠢᠪᠤᠩ ᠠᠮᠤᠭᠤᠯᠠᠩ ᠰᠠᠭᠠᠲᠠᠭᠠᠳ ᠥᠨᠳᠥᠷ ᠰᠡᠨᠳᠠᠢ ᠳᠤ ᠡᠷᠬᠢᠮᠰᠦᠭ ᠶᠡᠬᠡᠮᠰᠦᠭ ᠳᠦᠷᠢᠯᠡᠨ᠎ᠡ᠃ ᠭᠡᠯ᠎ᠡ ᠴᠤ ᠭᠡᠰᠡᠨ ᠪᠠᠰᠠ ᠰᠠᠯᠬᠢᠨ ᠤ ᠦᠨᠦᠰᠦᠯᠲᠡ ᠬᠠᠴᠠᠷ ᠱᠦᠷᠭᠦᠭᠡᠨ ᠥᠩᠭᠡᠷᠡᠬᠦ ᠳᠤ᠂ ︽ᠴᠢᠨᠦ ᠠᠨᠢᠷ ᠢ ᠠᠪᠴᠢᠷᠠᠭᠰᠠᠨ ᠶᠤᠮ ᠦᠦ᠂ ᠴᠢᠮ᠎ᠠ ᠲᠠᠢ ᠠᠭᠤᠯᠵᠠᠭᠰᠠᠨ ᠮᠡᠲᠦ ᠪᠤᠯᠳᠠᠭ ᠮᠢᠨᠢ ᠶᠠᠭᠤ ᠪᠢᠯᠡ︾ ᠭᠡᠵᠦ ᠬᠡᠢ ᠪᠤᠳᠤᠨ᠎ᠠ᠃ ᠲᠡᠷᠡ ᠰᠡᠳᠬᠢᠯᠭᠡᠨ ᠤ ᠶᠢᠷᠲᠢᠨᠴᠦ ᠶᠢᠨ ᠭᠦᠨ ᠨᠠᠷᠢᠨ ᠢ ᠠᠷᠠᠳ ᠤᠨ ᠳᠠᠭᠤᠤ ᠪᠠᠷ ᠢᠯᠡᠳᠬᠡᠬᠦ ᠳᠤ ᠴᠤ ᠪᠠᠭᠠᠳᠠᠮᠠᠷ᠂ ᠲᠡᠷᠡᠬᠦ ᠤᠶᠤᠨ ᠮᠡᠳᠡᠯ ᠤᠨ ᠭᠦᠨ ᠤ ᠭᠦᠨ ᠳᠤ ᠭᠦᠪᠪᠤᠨ ᠲᠤᠨᠤᠬᠤ ᠢᠷᠠᠭᠤ ᠰᠠᠶᠢᠬᠠᠨ ᠢ ᠵᠦᠪᠭᠡᠨ ᠰᠡᠷᠡᠯ ᠮᠡᠳᠡᠷᠡᠮᠵᠢ ᠪᠠᠷ ᠤᠬᠠᠨ᠎ᠠ᠃       ᠬᠠᠶᠢᠷ᠎ᠠ ᠪᠣᠯ ᠮᠥᠬᠦᠰᠢ ᠦᠭᠡᠢ᠂ ᠬᠠᠶᠢᠷ᠎ᠠ ᠪᠣᠯ ᠮᠥᠩᠬᠡ ᠶᠢᠨ᠃ ᠵᠢᠷᠠ ᠲᠠᠢ ᠪᠦᠰᠡᠭᠦᠢ ᠶᠢᠨ ᠬᠠᠶᠢᠷ᠎ᠠ ᠭᠡᠳᠡᠭ ᠡᠯᠡᠰᠦᠨ ᠳᠡᠭᠡᠷ᠎ᠡ ᠰᠠᠴᠤᠭᠰᠠᠨ ᠪᠤᠳᠠᠭ᠎ᠠ ᠪᠢᠰᠢ᠂ ᠲᠡᠨᠡᠭᠳᠡᠵᠦ ᠬᠡᠨ ᠬᠥᠮᠥᠨ ᠲᠠᠢ ᠰᠠᠶᠢᠮᠰᠤᠷᠬᠠᠳᠠᠭ ᠭᠤᠯᠤᠰᠢ ᠪᠢᠰᠢ᠂ ᠬᠠᠷᠢᠨ ᠠᠷᠢᠭᠤᠨ ᠨᠢ ᠤᠰᠤᠨ ᠯᠤᠭ᠎ᠠ ᠦᠯᠢᠭᠡᠷᠯᠡᠮᠡᠷ᠂ ᠱᠠᠩᠳᠠᠭᠤᠨ ᠨᠢ ᠲᠤᠰᠤᠨ ᠯᠤᠭ᠎ᠠ ᠠᠳᠠᠯᠢᠳᠬᠠᠮᠠᠷ ᠭᠬᠢᠷ ᠦᠭᠡᠢ᠂ ᠬᠤᠯᠢᠴᠠ ᠦᠭᠡᠢ᠃       ᠵᠢᠷᠠ ᠬᠦᠷᠬᠦ ᠳᠤ ᠶᠠᠭᠠᠬᠢᠬᠤᠪ᠂ ᠵᠦᠪᠭᠡᠨ ᠵᠢᠷᠠ ᠭᠦᠷᠦᠭᠰᠡᠨ ᠲᠡᠳᠦᠢ᠃       ᠵᠢᠷᠠ ᠲᠠᠢ ᠪᠦᠰᠡᠭᠦᠢ ᠶᠢᠨ ᠠᠮᠢ ᠠᠮᠢᠵᠢᠷᠠᠯ ᠵᠠᠭᠤ ᠬᠤᠷᠢᠨ ᠨᠠᠰᠤᠨ ᠥᠭᠡᠳᠡ ᠲᠡᠮᠡᠦᠯᠬᠦᠢ᠃ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ