ᠳᠤᠷᠠᠰᠤᠮᠵᠢ ᠵᠦᠭ ᠣᠳᠬᠤᠢ ᠴᠠᠭ ᠬᠤᠭᠤᠴᠠᠭᠠᠨ ᠤ ᠦᠷᠭᠦᠯᠵᠢᠯᠡᠯ
ᠨᠡᠶᠢᠲᠡᠯᠡᠭᠰᠡᠨ ᠴᠠᠭ᠄
2025/4/29
       ᠲᠣᠮᠤᠭ ᠤᠨ ᠤᠯᠠᠭᠠᠨ ᠲᠣᠭᠤᠰᠣᠨ ᠳᠤᠮᠳᠠᠭᠤᠷ ᠥᠴᠥᠭᠡᠳᠦᠷ ᠥᠨᠥᠳᠥᠷ ᠤᠨ ᠵᠠᠢ ᠳᠤ ︽ᠠᠷᠪᠢᠨ ᠴᠠᠭᠠᠰᠤᠨ ᠳᠡᠭᠡᠷ᠎ᠡ ᠪᠢᠴᠢᠭᠰᠡᠨ ᠭᠠᠭᠴᠠᠬᠠᠨ ᠬᠠᠭᠤᠳᠠᠰᠤ ᠵᠠᠬᠢᠳᠠᠯ ᠰᠢᠭ᠋︾ ᠲᠡᠭᠦᠨ ᠤ ᠠᠮᠢᠳᠤᠷᠠᠯ ᠭᠦᠤᠷᠨᠢᠭ᠍ᠳᠡᠭᠰᠡᠭᠡᠷ᠃       ︽ᠴᠠᠭ ᠬᠤᠭᠤᠴᠠᠭ᠎ᠠ ᠠᠯᠢᠪᠠ ᠶᠢ ᠬᠤᠪᠢᠷᠠᠭᠠᠳᠠᠭ ᠢᠶᠠᠷ ᠪᠠᠷᠠᠬᠤ ᠦᠭᠡᠢ ᠬᠤᠪᠢᠷᠠᠭᠠᠭᠰᠠᠭᠠᠷ ᠪᠠᠶᠢᠳᠠᠭ︾ ᠬᠤᠷᠸ᠎ᠠ ᠶᠢᠨ ᠵᠠᠮᠨᠠᠯ ᠳᠤ ᠳᠤᠷᠠᠯᠠᠨ ᠬᠠᠶᠢᠷᠠᠯᠠᠬᠤ ᠶᠢᠨ ᠰᠡᠳᠬᠢᠯ ᠥᠭᠭᠦᠭᠰᠡᠨ᠂ ᠳᠤᠷᠠᠰᠤᠨ ᠰᠠᠨᠠᠬᠤ ᠶᠢᠨ ᠮᠥᠷᠥᠭᠡᠳᠦᠯ ᠥᠭᠭᠦᠭᠰᠡᠨ᠂ ᠳᠠᠭᠤᠯᠠᠨ ᠤᠶᠠᠩᠭᠠᠯᠠᠬᠤ ᠶᠢᠨ ᠰᠢᠯᠦᠭ ᠥᠭᠭᠦᠭᠰᠡᠨ᠂ ᠳᠤᠭᠤᠢ ᠰᠠᠭᠤᠵᠤ ᠨᠠᠮ ᠪᠣᠳᠣᠯᠭᠠᠰᠢᠷᠠᠬᠤ ᠶᠢᠨ ᠤᠬᠠᠭ᠎ᠠ ᠥᠭᠭᠦᠭᠰᠡᠨ ᠬᠠᠯᠠᠭᠤᠨ ᠡᠯᠢᠭᠡᠨ ᠨᠤᠲᠤᠭ ᠤᠨ ᠢᠶᠠᠨ ᠬᠠᠩᠭᠠᠢ ᠵᠣ᠂ ᠬᠠᠯᠴᠠᠭᠠᠷ ᠬᠦᠷᠡᠩ ᠠᠭᠤᠯᠠ᠂ ᠲᠠᠰᠢᠭᠤᠷ ᠰᠢᠭ᠋ ᠰᠠᠯᠬᠢ ᠲᠠᠢ ᠠᠷᠴᠠ ᠶᠢᠨ ᠪᠡᠷᠬᠡ ᠶᠢᠨ ᠮᠠᠩᠬ᠎ᠠ᠂ ᠲᠠᠪᠤᠨ ᠮᠢᠩᠭᠠᠨ ᠵᠢᠯ ᠤᠷᠤᠰᠤᠭᠰᠠᠨ ᠠᠲᠠᠯ᠎ᠡ ᠪᠠᠨ ᠥᠨᠥᠳᠥᠷ ᠠᠮᠢ ᠲᠠᠰᠤᠷᠠᠬᠰᠠᠨ ᠯᠤᠤᠬ᠎ᠠ ᠶᠢᠨ ᠭᠤᠣᠯ᠂ ᠰᠢᠯᠦᠭ ᠲᠡᠦᠬᠡ ᠮᠡᠳᠡᠬᠦ ᠦᠭᠡᠢ ᠵᠣᠭᠤᠰ ᠯᠠ ᠲᠠᠨᠢᠳᠠᠭ ᠠᠷᠠᠳ ᠲᠦᠮᠡᠨ ᠬᠢᠭᠡᠳ ᠲᠡᠭᠦᠨ ᠤ ᠥᠴᠥᠭᠡᠳᠦᠷ ᠪᠠ ᠥᠨᠥ ᠮᠠᠷᠭᠠᠰᠢ᠂ ᠠᠬᠤᠢ ᠪᠠ ᠬᠦᠰᠡᠯᠡᠩ ᠲᠡᠮᠡᠦᠯᠦᠯ᠂ ᠪᠠᠶᠠᠷ ᠪᠠ ᠭᠤᠨᠢᠭ ᠭᠤᠮᠣᠳᠠᠯ᠂ ᠰᠠᠶᠢᠨ ᠮᠠᠭᠤ ᠦᠨᠡᠨ ᠬᠤᠳᠠᠯ ᠤᠨ ᠲᠤᠬᠠᠢ ᠶᠡᠭᠡ ᠤᠰᠤᠨ ᠤ ᠴᠢᠮᠡᠭᠡ ᠴᠢᠩᠨᠠᠨ ᠰᠣᠯᠣᠩᠭ᠎ᠠ ᠪᠠᠷᠢᠬᠤ ᠭᠡᠵᠦ ᠭᠦᠶᠦᠯᠳᠦᠳᠡᠭ ᠬᠡᠦᠬᠡᠳ ᠦᠶ᠎ᠡ᠂ ᠰᠣᠯᠣᠩᠭᠠᠨ ᠳᠣᠯᠣᠭᠠᠨ ᠬᠦᠰᠡᠯ ᠳᠡᠭᠡᠨ ᠱᠠᠩᠳᠠᠭᠤᠷᠠᠭᠰᠠᠨ ᠰᠣᠯᠢᠶ᠎ᠠ ᠭᠡᠨᠡᠨ ᠠᠷᠪᠠᠨ ᠨᠠᠢᠮᠠᠨ ᠨᠠᠰᠤ ᠪᠠᠨ ᠰᠠᠨᠠᠵᠤ᠂ ᠳᠥᠯᠭᠡᠨ ᠠᠭᠠᠳ ᠲᠠᠶᠢᠪᠤᠩ ᠮᠣᠩᠭᠤᠯ ᠤᠨ ᠭᠤᠪᠢ ᠪᠦᠷᠢᠳᠦ ᠪᠠᠨ ᠡᠷᠢᠵᠦ ᠪᠡᠳᠡᠷᠢᠭᠰᠡᠭᠡᠷ ᠰᠡᠳᠬᠢᠯ ᠢᠶᠠᠨ ᠰᠡᠮᠭᠡᠨ ᠠᠷᠭᠠᠳᠠᠨ ︽ᠪᠢᠷ ᠢᠶᠠᠨ ᠪᠢ ᠬᠠᠶᠠᠭ᠎ᠠ ᠦᠭᠡᠢ︾ ᠬᠡᠮᠡᠨ ᠪᠠᠷᠳᠠᠮ ᠶᠠᠷᠢᠵᠤ ᠥᠪᠡᠷ ᠤᠨ ᠭᠡᠰᠡᠨ ᠵᠥᠩ ᠮᠡᠳᠡᠷᠡᠬᠦᠢ᠂ ᠪᠢᠰᠢᠯᠭᠠᠯ᠂ ᠪᠠᠷᠢᠮᠲᠠᠯᠠᠯ ᠢᠶᠠᠷ ᠢᠶᠠᠨ ᠰᠢᠯᠦᠭ ᠵᠣᠬᠢᠶᠠᠯ ᠢᠶᠠᠨ ᠲᠤᠭᠤᠷᠪᠢᠵᠤ᠂ ᠠᠮᠢ ᠨᠠᠰᠤᠨ ᠤ ᠪᠠᠨ ᠥᠭᠡᠷ᠎ᠡ ᠨᠢᠭᠡᠨ ᠭᠡᠯᠪᠡᠷᠢ ᠪᠠᠨ ᠪᠢᠴᠢᠭᠯᠡᠵᠦ ᠶᠠᠪᠤᠭ᠎ᠠ ᠨᠢᠭᠡᠨ ᠬᠥᠮᠥᠨ ᠢ ︽ᠥᠴᠥᠭᠡᠳᠦᠷ︾ ︽ᠥᠨᠥᠳᠥᠷ︾ ︽ᠮᠠᠷᠭᠠᠰᠢ︾ ᠰᠠᠶᠢᠨ ᠲᠠᠨᠢᠳᠠᠭ ᠪᠦᠯᠦᠭᠡ᠃       ᠨᠢᠭᠡ       ︽ᠤᠰᠤᠨ ᠤ ᠶᠡᠭᠡ ᠤᠰᠤ - ᠯᠤᠤᠬ᠎ᠠ ᠶᠢᠨ ᠭᠤᠣᠯ ᠮᠢᠨᠢ       ᠤᠷᠤᠰᠬᠠᠯ ᠴᠢᠨᠢ ᠠᠮᠢᠳᠤ ᠪᠠᠶᠢᠪᠠᠯ ᠴᠢ ᠡᠨᠡ ᠨᠤᠲᠤᠭ ᠤᠨ ᠦᠨᠡᠨ ᠲᠡᠦᠬᠡ ᠁︾                                              - ︽ᠪᠠᠶᠠᠷᠲᠠᠢ᠂ ᠯᠤᠤᠬ᠎ᠠ ᠶᠢᠨ ᠭᠤᠣᠯ ᠮᠢᠨᠢ︾       ᠡᠨᠡ ᠬᠥᠮᠥᠨ ᠪᠣᠯ ︽ᠬᠠᠳᠠᠨ ᠲᠡᠮᠦᠷ︾᠃       ᠥᠴᠥᠭᠡᠳᠦᠷ ᠲᠡᠷᠡ ᠥᠨᠢ ᠡᠷᠲᠡᠨ ᠤ ᠯᠤᠤᠬ᠎ᠠ ᠶᠢᠨ ᠭᠤᠣᠯ ᠤᠨ ᠬᠥᠪᠡᠭᠡᠨ ᠳᠡᠭᠡᠨ ᠭᠦᠷᠪᠡ᠃ ᠬᠦᠢᠲᠡᠨ ᠴᠠᠷᠴᠠᠩᠬᠠᠢ ᠥᠩᠭᠡ ᠪᠠᠷ ᠮᠡᠯᠮᠡᠷᠡᠨ ᠤᠷᠤᠰᠬᠤ ᠭᠤᠣᠯ ᠢᠶᠠᠨ ᠤᠶᠢᠳᠬᠠᠷᠲᠠᠶᠢᠬᠠᠨ ᠰᠢᠷᠲᠡᠨ᠄       ︽ᠯᠤᠤᠬ᠎ᠠ ᠶᠢᠨ ᠭᠤᠣᠯ ᠤᠨ ᠬᠥᠪᠡᠭᠡᠨ ᠳᠡᠭᠡᠷ᠎ᠡ       ᠨᠣᠭᠲᠣ ᠪᠠᠨ ᠴᠢᠷᠦᠭᠰᠡᠨ ᠮᠣᠷᠢ ᠠ᠋       ᠨᠠᠮᠤᠭᠤᠬᠠᠨ ᠵᠠᠩ ᠲᠠᠢ ᠨᠤᠭᠤᠨᠵᠠᠶᠠᠭ᠎ᠠ       ᠨᠤᠲᠤᠭ ᠠᠴᠠ ᠪᠠᠨ ᠬᠤᠯᠠ ᠵᠠᠶᠠᠭᠠᠵᠠᠢ ᠁︾ ᠭᠡᠵᠦ ᠳᠠᠭᠤᠯᠠᠨ ᠶᠠᠪᠤᠲᠠᠯ᠎ᠠ ᠭᠤᠣᠯ ᠤᠨ ᠡᠷᠭᠢᠨ ᠳᠤ ᠪᠦᠷ ᠴᠤ ᠣᠶᠢᠷᠠᠬᠠᠨ ᠨᠢᠭᠡᠨ ᠶᠠᠭᠤᠮ᠎ᠠ ᠴᠠᠶᠢᠷᠠᠨ ᠬᠠᠷᠠᠭᠳᠠᠬᠤ ᠪᠠᠷ ᠨᠢ ᠶᠠᠭᠠᠷᠠᠨ ᠠᠯᠬᠤᠯᠠᠵᠤ ᠣᠶᠢᠷᠠᠲᠤᠨ ᠣᠴᠢᠪᠠᠯ ᠨᠢᠭᠡᠨ ᠳᠤᠭᠲᠤᠢ ᠵᠠᠬᠢᠳᠠᠯ ᠪᠠᠶᠢᠯ᠎ᠠ᠃ ᠬᠡᠭᠡᠷ᠎ᠡ ᠭᠠᠳᠠᠭ᠎ᠠ ᠭᠠᠭᠴᠠᠭᠠᠷ ᠢᠶᠠᠨ ᠶᠠᠪᠤᠬᠤ ᠳᠠᠭᠠᠨ ᠭᠡᠨᠡᠳᠲᠡ ᠪᠠᠷ ᠡᠶᠢᠮᠦ ᠨᠢᠭᠡ ᠵᠠᠬᠢᠳᠠᠯ ᠬᠠᠷᠠᠭᠰᠠᠨ ᠳᠠᠭᠠᠨ ᠲᠡᠷᠡ ᠰᠡᠮᠭᠡᠨ ᠢᠨᠢᠶᠡᠯ᠎ᠡ᠃ ᠨᠢᠳᠦᠨ ᠡᠮᠦᠨᠡᠬᠢ ᠵᠠᠬᠢᠳᠠᠯ ᠢ ᠨᠢ ᠬᠡᠨ ᠨᠢᠭᠡ ᠬᠥᠮᠥᠨ ᠪᠤᠯᠢᠶᠠᠬᠤ ᠠᠴᠠ ᠠᠶᠤᠭᠰᠠᠨ ᠰᠢᠭ᠋ ᠶᠠᠭᠠᠷᠠᠤᠬᠠᠨ ᠭᠡᠭᠴᠢ ᠠᠪᠴᠤ ᠳᠡᠯᠭᠡᠯ᠎ᠡ᠃ ᠲᠡᠭᠦᠨ ᠢ ᠰᠢᠨᠡᠰᠦ᠋ᠮ᠎ᠡ ᠶᠢᠨ ᠬᠠᠷ᠎ᠠ ᠠᠴᠠ ᠪᠠᠨ ᠢᠯᠡᠭᠦᠦ ᠬᠠᠶ᠋ᠢᠭ ᠦᠭᠡᠢ ᠵᠠᠬᠢᠳᠠᠯ ᠳᠤ ᠳᠤᠷᠠᠲᠠᠢ ᠭᠡᠵᠦ ᠬᠥᠮᠥᠰ ᠤᠨ ᠱᠣᠭᠯᠠᠳᠠᠭ ᠦᠨᠡᠨ ᠴᠤ ᠪᠠᠶᠢᠭᠰᠠᠨ ᠪᠣᠯᠪᠠ ᠤᠤ᠃       ︽᠁ ᠲᠡᠷᠡ ᠰᠡᠵᠢᠭᠦᠷ ᠴᠠᠭᠠᠨ ᠴᠢᠯᠠᠭᠤ᠂ ᠭᠦᠢᠯᠡᠰᠦᠨ ᠮᠣᠳᠣᠨ ᠣᠯᠣᠮ᠂ ᠤᠷᠢᠨ ᠴᠠᠭ ᠤᠨ ᠰᠠᠯᠬᠢᠨ ᠳᠤ ᠳᠣᠮᠤᠭ ᠤᠨ ᠶᠤᠮ ᠰᠢᠭ᠋ ᠪᠦᠷᠦᠯᠵᠡᠨ ᠬᠠᠷᠠᠭᠳᠠᠬᠤ ᠭᠥᠯᠢᠭᠡᠷ ᠤᠨ ᠴᠠᠭᠠᠨ᠂ ᠨᠣᠭᠤᠭᠠᠨ ᠱᠠᠬᠱᠤᠣᠷᠭ᠎ᠠ ᠰᠣᠭᠰᠣᠯᠵᠠᠨ ᠬᠠᠯᠢᠭᠤᠷᠠᠭᠰᠠᠨ ᠯᠤᠤᠬ᠎ᠠ ᠶᠢᠨ ᠭᠤᠣᠯ ᠤᠨ ᠳᠡᠨᠵᠢ᠂ ᠡᠷᠬᠡ ᠬᠤᠩᠭᠤᠷ ᠨᠠᠰᠤᠨ ᠤ ᠪᠠᠨ ᠲᠣᠭᠯᠠᠭᠠᠮ ᠤᠨ ᠴᠢᠯᠠᠭᠤ ᠠᠴᠠ ᠲᠣᠭᠤᠷᠤᠤ ᠶᠢᠨ ᠭᠠᠩᠭᠠᠨᠠᠭ᠎ᠠ᠂ ᠳᠤᠷᠠᠰᠤᠯ ᠮᠥᠷᠥᠭᠡᠳᠦᠯ ᠳᠤᠨᠢ᠂ ᠰᠢᠪᠠᠭᠤᠳ ᠤᠨ ᠢᠶᠠᠨ ᠤᠶᠠᠬᠠᠨ ᠳᠣᠩᠭᠤᠳᠤᠯᠭ᠎ᠠ ᠳᠤ ᠰᠠᠶᠢᠨ ᠰᠠᠶᠢᠬᠠᠨ ᠢᠶᠠᠨ ᠥᠭᠭᠦᠭᠡᠳ ᠬᠤᠯᠠ ᠶᠢᠨ ᠬᠤᠯᠠ ᠶᠠᠪᠤᠭᠰᠠᠨ ᠪᠠᠶᠢᠭᠠᠯᠢ ᠶᠢᠨ ᠥᠬᠢᠨ ᠵᠤᠨ᠎ᠠ᠂ ᠰᠦᠷᠯᠢᠭ ᠤᠩᠭᠤᠨ ᠨᠤᠲᠤᠭ᠂ ᠰᠦᠨ ᠰᠡᠳᠬᠢᠯᠲᠦ ᠥᠬᠢᠨ ᠬᠤᠶᠠᠷ ᠤᠨ ᠦᠯᠢᠭᠡᠷ ᠲᠠᠢ ᠤᠨᠠᠭᠠᠨ ᠪᠠᠭ᠎ᠠ ᠨᠠᠰᠤᠨ ᠤ ᠴᠡᠭᠡᠯᠬᠡᠨ ᠢᠨᠢᠶᠡᠳᠦ ᠴᠢᠨᠢ ᠠᠳᠡ ᠲᠣᠳᠣᠬᠠᠨ ᠰᠣᠨᠣᠰᠳᠠᠨ᠎ᠠ︾᠃       ᠡᠨᠡ ᠨᠢ ᠤᠯᠠᠭᠠᠨ ᠲᠣᠭᠤᠰᠣᠨ ᠤ ᠭᠠᠳᠠᠨᠠᠬᠢ ᠶᠢᠷᠲᠢᠨᠴᠦ ᠠᠴᠠ ᠢᠷᠡᠭᠦᠯᠦᠭᠰᠡᠨ ᠵᠠᠬᠢᠳᠠᠯ ᠪᠤᠯᠬᠤ ᠶᠢ ᠲᠡᠷᠡ ᠮᠡᠳᠡᠯ᠎ᠡ᠃ ᠵᠠᠬᠢᠳᠠᠯ ᠤᠨ ᠮᠥᠷ ᠪᠠᠳᠠᠭ ᠤᠳ ᠡᠷᠬᠡ ᠦᠭᠡᠢ ᠯᠠ ᠪᠠᠭ᠎ᠠ ᠨᠠᠰᠤᠨ ᠤ ᠬᠢᠨᠢ ᠪᠠᠭᠠᠰᠬᠠᠯ ᠵᠢᠷᠤᠭ᠂ ᠲᠡᠭᠦᠨ ᠤ ᠯᠠ ᠥᠮᠴᠢᠯᠡᠭᠰᠡᠨ ᠲᠣᠭᠤᠰᠣᠲᠤ ᠶᠢᠷᠲᠢᠨᠴᠦ ᠨᠢ ᠪᠠᠶᠢᠯ᠎ᠠ᠃ ᠤᠷᠤᠰᠬᠤ ᠶᠢ ᠨᠢ ᠬᠠᠷᠠᠨ ᠪᠠᠶᠠᠷᠯᠠᠨ᠂ ᠳᠠᠪᠠᠯᠭᠠᠯᠠᠬᠤ ᠶᠢ ᠨᠢ ᠬᠠᠷᠠᠨ ᠳᠣᠭᠳᠣᠯᠤᠨ᠂ ᠲᠠᠲᠠᠷᠠᠬᠤ ᠶᠢ ᠨᠢ ᠬᠠᠷᠠᠨ ᠭᠤᠨᠢᠭᠯᠠᠨ ᠶᠠᠪᠤᠳᠠᠭ ᠡᠨᠡ ᠭᠤᠣᠯ ᠬᠢᠭᠡᠳ ᠪᠠᠶᠢᠭᠠᠯᠢ ᠬᠡᠮᠡᠭᠴᠢ ᠡᠬᠡ ᠳᠠᠭᠢᠨᠢ ᠲᠠᠢ ᠪᠠᠨ ᠲᠡᠷᠡ ᠭᠦᠢ ᠶᠢᠨ ᠬᠤᠯᠪᠤᠭ᠎ᠠ ᠲᠠᠢ᠃       ᠵᠠᠬᠢᠳᠠᠯ ᠤᠨ ᠬᠠᠭᠤᠳᠠᠰᠤ ᠪᠠᠨ ᠡᠪᠬᠡᠵᠦ ᠬᠥᠬᠡ ᠴᠠᠮᠴᠠᠨ ᠤ ᠪᠠᠨ ᠬᠠᠷᠮᠠᠨ ᠳᠠᠭᠠᠨ ᠬᠢᠯ᠎ᠡ᠃ ᠲᠡᠭᠦᠨ ᠤ ᠨᠢᠯᠪᠤᠰᠤ ᠡᠩᠭᠡᠷ ᠤᠷᠤᠭᠤ ᠨᠢ ᠪᠢᠰᠢ ᠡᠯᠢᠭᠡ ᠤᠷᠤᠭᠤ ᠨᠢ ᠡᠮᠵᠡᠭᠬᠡᠨ ᠤᠷᠤᠰᠤᠨ᠎ᠠ᠃       ᠳᠠᠩᠳᠠ ᠮᠥᠷᠥᠪᠴᠢᠯᠡᠳᠡᠭ ᠰᠢᠷᠭᠠᠯ ᠪᠣᠭᠴᠣᠨ ᠠᠴᠠ ᠪᠠᠨ ᠪᠢᠷ ᠢᠶᠠᠨ ᠭᠠᠷᠭᠠᠨ ᠬᠠᠷᠢᠭᠤ ᠵᠠᠬᠢᠳᠠᠯ ᠢᠶᠠᠨ ᠴᠠᠭᠠᠰᠤᠨ ᠳᠤ ᠪᠢᠰᠢ ᠴᠠᠭᠠᠲᠤ ᠡᠷᠭᠢᠨ ᠳᠤ ᠪᠢᠴᠢᠵᠦ ᠡᠬᠢᠯᠡᠯ᠎ᠡ᠃ ᠲᠡᠭᠦᠨ ᠤ ᠡᠨᠡ ᠬᠦ ᠬᠠᠷᠢᠭᠤ ᠵᠠᠬᠢᠳᠠᠯ ᠢ ᠲᠣᠭᠤᠰᠣᠲᠤ ᠶᠢᠷᠲᠢᠨᠴᠦ ᠶᠢᠨ ᠭᠠᠳᠠᠨᠠᠬᠢ ᠬᠥᠮᠥᠰ ᠯᠠ ᠣᠯᠵᠤ ᠤᠩᠰᠢᠬᠤ ᠪᠠᠶᠢᠬ᠎ᠠ᠃       ᠯᠤᠤᠬ᠎ᠠ ᠶᠢᠨ ᠭᠤᠣᠯ -︽ᠬᠠᠳᠠᠨ ᠲᠡᠮᠦᠷ︾ ᠤᠨ ᠢᠶᠠᠨ ᠯᠤᠭᠰᠢᠬᠤ ᠵᠢᠷᠦᠬᠡᠨ ᠤ ᠬᠢᠨᠢ ᠮᠥᠩᠬᠡ ᠶᠢᠨ ᠤᠷᠤᠰᠬᠠᠯ ᠪᠠᠶᠢᠵᠠᠢ᠃ ᠲᠣᠮᠤᠭ ᠬᠦᠦᠷᠨᠢᠵᠦ᠂ ᠰᠢᠯᠦᠭ ᠪᠤᠳᠣᠬᠳᠠᠭᠤᠯᠵᠤ᠂ ᠣᠷᠴᠢᠯᠠᠩ ᠤᠨ ᠭᠠᠶᠢᠬᠠᠮᠰᠢᠭ ᠢ ᠵᠢᠷᠤᠭᠯᠠᠭᠰᠠᠨ ᠡᠨᠡ ᠰᠢᠳᠢᠲᠦ ᠤᠰᠤᠨ ᠤ ᠪᠠᠨ ᠲᠤᠬᠠᠢ ᠶᠠᠭᠤ ᠨᠢᠭᠡ ᠶᠢ ᠬᠠᠶᠢᠬᠤ ᠬᠡᠮᠡᠨ ᠲᠡᠷᠡ ᠵᠡᠭᠦᠳᠦᠨ ᠤ ᠡᠷᠢᠯ ᠳᠡᠭᠡᠨ ᠰᠡᠮᠭᠡᠨ ᠮᠣᠷᠳᠠᠯ᠎ᠠ᠃       ᠬᠤᠶᠠᠷ       ︽ᠠᠷᠴᠠ ᠶᠢᠨ ᠪᠡᠷᠬᠡ ᠮᠢᠨᠢ᠂ ᠠᠮᠢᠨ ᠵᠢᠷᠦᠬᠡ ᠮᠢᠨᠢ       ᠠᠷᠴᠢᠬᠤ ᠳᠤ ᠪᠡᠷᠬᠡ ᠰᠡᠳᠬᠢᠯ ᠤᠨ ᠨᠢᠯᠪᠤᠰᠤ ᠮᠢᠨᠢ ᠁︾                                          - ︽ᠠᠷᠴᠠ ᠶᠢᠨ ᠪᠡᠷᠬᠡ︾       ᠡᠨᠡ ᠬᠥᠮᠥᠨ ᠪᠣᠯ ︽ᠭᠡᠷᠡᠯᠪᠠᠭᠠᠲᠤᠷ︾᠃       ᠥᠨᠥᠳᠥᠷ ᠲᠡᠷᠡ ᠲᠣᠮᠤᠭ ᠦᠨᠡᠨ ᠤ ᠳᠤᠮᠳᠠᠭᠤᠷ ᠵᠡᠭᠦᠷᠮᠡᠭᠯᠡᠨ ᠶᠠᠪᠤᠭᠰᠠᠭᠠᠷ ᠠᠯᠤᠰ ᠵᠡᠭᠦᠳᠦᠨ ᠤ ᠠᠷᠴᠠ ᠶᠢᠨ ᠪᠡᠷᠬᠡ ᠳᠡᠭᠡᠨ ᠬᠦᠷᠴᠦ ᠢᠷᠡᠪᠡ᠃ ᠪᠡᠷᠬᠡ ᠭᠡᠵᠦ ᠲᠡᠭᠦᠨ ᠤ ᠬᠤᠪᠢ ᠳᠤ ᠰᠦᠭ ᠰᠦᠨᠡᠰᠦᠨ ᠤ ᠢᠲᠡᠭᠡᠯ ᠪᠢᠰᠢᠷᠡᠯ᠂ ᠠᠮᠢ ᠠᠮᠢᠯᠠᠯ ᠤᠨ ᠲᠡᠮᠡᠦᠯᠦᠯ ᠲᠡᠮᠡᠴᠡᠯ᠂ ᠠᠯᠤᠰ ᠶᠠᠪᠤᠵᠤ ᠶᠡᠭᠡ ᠶᠢ ᠪᠦᠲᠦᠭᠡᠬᠦ ᠬᠦᠰᠡᠯ ᠮᠥᠷᠥᠭᠡᠳᠦᠯ ᠥᠭᠭᠦᠭᠰᠡᠨ ᠰᠢᠳᠢᠲᠦ ᠣᠷᠣᠨ ᠨᠢ ᠪᠠᠶᠢᠬᠤ ᠶᠣᠰᠣᠲᠠᠢ᠃ ᠥᠨᠥᠳᠥᠷ ᠰᠢᠯᠦᠭ ᠪᠦᠲᠦᠭᠡᠯ ᠤᠨ ᠬᠢᠨᠢ ᠡᠬᠢ ᠤᠨᠳᠤᠷᠤᠭ᠎ᠠ ᠨᠢ ᠪᠤᠯᠬᠤ ᠶᠧᠯᠸᠢ ᠶᠢᠨ ᠶᠤᠮ ᠰᠢᠭ᠋ ᠡᠨᠡ ᠪᠡᠷᠬᠡ ᠨᠢ ᠲᠡᠭᠦᠨ ᠢ ᠦᠭᠡᠶᠢᠯᠡᠨ ᠳᠠᠭᠤᠳᠠᠵᠠᠢ᠃       ︽ᠠᠩᠭᠢᠷ ᠪᠠᠭ᠎ᠠ ᠨᠠᠰᠤ ᠶᠢ ᠮᠢᠨᠢ ᠪᠦᠪᠡᠶᠢᠯᠡᠭᠰᠡᠨ ᠠᠷᠴᠠ ᠶᠢᠨ ᠪᠡᠷᠬᠡ ᠶᠢᠨ ᠪᠦᠷᠢᠳᠦ ᠲᠠᠢ ᠴᠠᠶᠢᠳᠠᠮ᠂ ᠪᠤᠷᠭᠠᠰᠤ ᠲᠠᠢ ᠬᠤᠲᠣᠭᠤᠷ ᠢᠶᠠᠨ ᠶᠡᠷᠦ ᠨᠢ ᠪᠢ ᠬᠡᠵᠢᠶ᠎ᠡ ᠴᠤ ᠶᠠᠭᠤᠨ ᠬᠡᠮᠡᠵᠦ ᠮᠠᠷᠲᠠᠬᠤ ᠪᠢᠯᠡ︖︾ ᠭᠡᠵᠦ ᠲᠡᠷᠡ ᠮᠥᠷᠡᠨ ᠲᠠᠩᠭᠢᠰ ᠤᠨ ᠰᠠᠶᠢᠨ ᠡᠷ᠎ᠡ ᠶᠢᠨ ᠳᠠᠭᠤ ᠪᠠᠷ ᠬᠠᠰᠬᠢᠷᠴᠤ ᠪᠠᠶᠢᠯ᠎ᠠ᠃ ᠠᠭᠤᠵᠢᠮ ᠴᠡᠩᠬᠡᠷ ᠠᠭᠠᠷ ᠭᠠᠷ ᠢᠶᠠᠷ ᠢᠶᠠᠨ ᠪᠠᠷᠢᠬᠤ ᠳᠤᠨᠢ ᠠᠮᠲᠠᠯᠠᠭᠳᠠᠵᠤ᠂ ᠤᠷᠠᠨ ᠠᠮᠢᠳᠤ ᠣᠰᠣᠨ ᠭᠠᠵᠠᠷ ᠤᠨ ᠵᠢᠷᠤᠭ ᠳᠡᠭᠡᠷ᠎ᠡ ᠨᠢ ᠬᠥᠳᠡᠯᠵᠦ᠂ ᠭᠠᠷᠤᠨ ᠣᠷᠣᠨ ᠪᠤᠳᠣᠬᠳᠠᠭᠤᠯᠵᠤ ᠪᠠᠶᠢᠳᠠᠭ ᠪᠣᠯᠬᠤᠷ ︽ᠠᠷᠴᠠ ᠶᠢᠨ ᠪᠡᠷᠬᠡ︾ ᠠᠳᠠ ᠠᠴᠠ ᠲᠦᠷᠦᠭᠦ ᠨᠢ ᠪᠤᠷᠤᠭᠤ ᠦᠭᠡᠢ᠃ ᠠᠩᠭ᠎ᠠ ᠪᠠᠭ᠎ᠠ ᠶᠢᠨ ᠳᠤᠷᠠᠳᠬᠠᠯ᠂ ᠠᠯᠢᠶᠠᠬᠠᠨ ᠨᠠᠰᠤᠨ ᠤ ᠳᠤᠷᠠᠰᠤᠮᠵᠢ᠂ ᠠᠯᠳᠠᠷᠠᠢ ᠨᠠᠰᠤᠨ ᠤ ᠮᠥᠷᠥᠭᠡᠳᠦᠯ ᠶᠠᠭᠤ ᠪᠦᠭᠦᠨ ᠢ ᠨᠢ ᠰᠢᠩᠭᠡᠭᠡᠭᠰᠡᠨ ᠠᠷᠴᠠ ᠶᠢᠨ ᠪᠡᠷᠬᠡ ᠶᠢᠨ ᠭᠠᠵᠠᠷ ᠤᠰᠤᠨ ᠬᠥᠭᠡᠷᠦᠬᠦᠢ ᠦᠷᠡᠰ ᠤᠨ ᠢᠶᠠᠨ ᠰᠡᠳᠬᠢᠯ ᠢ ᠰᠡᠮᠭᠡᠨ ᠴᠠᠩᠭᠠᠭᠠᠳᠠᠭ ᠤᠴᠢᠷᠲᠠᠢ᠃       ᠪᠡᠷᠬᠡ ᠨᠢ ᠪᠡᠷᠬᠡᠳᠡᠬᠦ ᠪᠠᠷ ᠢᠶᠠᠨ ᠪᠡᠷᠬᠡ ᠳᠤ ᠥᠰᠦᠭᠰᠡᠨ ᠬᠡᠦᠬᠡᠳ ᠤᠳ ᠢᠶᠠᠨ ᠳᠠᠭᠤᠳᠠᠳᠠᠭ ᠭᠡᠭᠴᠢ ᠦᠨᠡᠨ᠃ ᠲᠡᠷᠡ ᠬᠤᠯᠠ ᠶᠢᠨ ᠲᠡᠵᠢ ᠮᠠᠩᠨᠤᠭ ᠳᠡᠭᠡᠷ᠎ᠡ ᠡᠷᠳᠡᠨᠢ ᠶᠢᠨ ᠴᠢᠯᠠᠭᠤ ᠰᠢᠭᠢᠳᠬᠡᠭᠰᠡᠨ ᠰᠢᠭ ᠴᠠᠭᠠᠨ ᠬᠤᠶᠠᠭ ᠲᠣᠭᠤᠯᠭ᠎ᠠ ᠲᠠᠢ ︽ᠡᠷᠳᠡᠨᠢ ᠠᠭᠤᠯᠠ︾ ᠭᠡᠬᠦ ᠬᠤᠯᠠ ᠶᠢᠨ ᠳᠡᠭᠦᠦ ᠪᠠᠨ ᠰᠠᠨᠠᠨ ᠰᠠᠨᠠᠨ ᠨᠢᠯᠪᠤᠰᠤ ᠡᠪᠬᠡᠷᠡᠭᠦᠯᠵᠦ ᠪᠠᠶᠢᠯ᠎ᠠ᠃ ᠡᠨᠡ ᠪᠦᠭᠦᠨ ᠢ ᠨᠢ ᠭᠠᠭᠴᠠ ᠯᠠ ᠠᠭᠤᠯᠠ ᠶᠢᠨ ᠬᠡᠦᠬᠡᠨ᠂ ᠮᠠᠩᠬᠠᠨ ᠤ ᠬᠥᠪᠡᠭᠦᠨ ᠨᠢ ᠯᠠ ᠣᠶᠢᠯᠠᠭᠠᠬᠤ ᠪᠠᠶᠢᠬ᠎ᠠ᠃       ︽ᠮᠠᠨ ᠤ ᠠᠭᠤᠯᠠ ᠬᠠᠮᠢᠭ᠎ᠠ ᠶᠠᠪᠤᠭᠰᠠᠨ ᠢ ᠪᠤᠤ ᠮᠡᠳᠡ       ᠥᠪᠡᠷ ᠢᠶᠠᠨ ᠪᠢᠳᠡ ᠰᠢᠳᠢ ᠲᠠᠢ ᠪᠠᠶᠢᠭᠰᠠᠨ ᠪᠣᠯ       ᠥᠴᠥᠬᠡᠨ ᠪᠡᠶ᠎ᠡ ᠮᠢᠨᠢ ᠴᠢᠳᠠᠯ ᠲᠠᠢ ᠪᠠᠶᠢᠭᠰᠠᠨ ᠪᠣᠯ       ᠮᠠᠨ ᠤ ᠠᠭᠤᠯᠠ ᠶᠢ ᠪᠠᠨ ᠬᠠᠮᠠᠭᠠᠯᠠᠬᠤ ᠦᠭᠡᠢ ᠦᠦ ᠳ᠋ᠠ ᠁︾ ᠭᠡᠵᠦ ᠠᠭᠤᠯᠠ ᠶᠢᠨ ᠬᠡᠦᠬᠡᠨ ᠲᠡᠷᠲᠡᠭᠡ ᠠᠯᠤᠰ ᠠᠴᠠ ᠶᠠᠷᠢᠬᠤ ᠰᠣᠨᠣᠰᠳᠠᠨ᠎ᠠ᠃       ︽ᠥᠪᠥᠷ ᠮᠣᠩᠭᠤᠯ ᠤᠨ ᠮᠢᠨᠢ ᠪᠠᠭᠠᠰᠬᠠᠯ ᠪᠠᠶᠢᠯ᠎ᠠ ᠴᠦ       ᠭᠠᠵᠠᠷ ᠤᠨ ᠵᠦᠢ ᠴᠢᠮ᠎ᠠ ᠶᠢ ᠮᠡᠳᠡᠷᠡᠬᠦ ᠦᠭᠡᠢ       ᠡᠪᠦᠷ ᠳᠦᠭᠦᠷᠡᠩ ᠮᠥᠩᠭᠦ ᠲᠠᠢ ᠪᠣᠯᠣᠯ᠎ᠠ ᠴᠦ       ᠭᠠᠩᠭᠠᠩ ᠲᠥᠷᠬᠦ ᠶᠢ ᠴᠢᠨᠢ ᠠᠮᠢᠯᠠᠭᠤᠯᠵᠤ ᠴᠢᠳᠠᠬᠤ ᠦᠭᠡᠢ᠁︾ ᠭᠡᠵᠦ ᠮᠠᠩᠬᠠᠨ ᠤ ᠬᠥᠪᠡᠭᠦᠨ ᠬᠠᠷᠢᠭᠤ ᠬᠠᠰᠬᠢᠷᠬᠤ ᠰᠣᠨᠣᠰᠳᠠᠨ᠎ᠠ᠃       ᠠᠷᠴᠠ ᠶᠢᠨ ᠪᠡᠷᠬᠡ ᠶᠢᠨ ᠢᠶᠠᠨ ᠦᠵᠢᠷᠬᠡᠢ ᠬᠤᠵᠤᠤᠯ᠎ᠠ ᠶᠢ ᠴᠦ ᠠᠮᠢᠨ ᠠᠴᠠ ᠪᠠᠨ ᠢᠯᠡᠭᠦᠦ ᠥᠮᠴᠢᠷᠬᠡᠵᠦ ᠶᠠᠪᠤᠳᠠᠭ ︽ᠭᠡᠷᠡᠯᠪᠠᠭᠠᠲᠤᠷ︾ ᠥᠩᠭᠡᠷᠡᠨ ᠣᠲᠣᠭᠰᠠᠨ ᠡᠨᠡ ᠪᠦᠭᠦᠨ ᠢ ᠰᠡᠳᠬᠢᠯ ᠳᠡᠭᠡᠨ ᠰᠢᠩᠭᠡᠬᠡᠨ᠂ ᠠᠮᠢ ᠨᠠᠰᠣᠨ ᠤ ᠦᠷᠭᠦᠯᠵᠢᠯᠡᠯ ᠪᠤᠶᠤ ᠰᠢᠯᠦᠭ᠂ ᠰᠡᠳᠬᠢᠯ ᠤᠨ ᠨᠢᠭᠤᠴᠠᠬᠠᠢ ᠪᠦᠭᠦᠨ ᠢᠶᠠᠨ ᠬᠠᠳᠠᠭᠠᠯᠠᠨ ᠮᠠᠷᠭᠠᠰᠢ ᠵᠦᠭ ᠢᠶᠠᠨ᠂ ᠦᠨᠡᠨ ᠤ ᠡᠷᠢᠯ ᠵᠦᠭ ᠶᠠᠭᠠᠷᠠᠨ ᠠᠯᠬᠤᠯᠠᠯ᠎ᠠ᠃       ᠭᠤᠷᠪᠠ       ︽ᠴᠦᠢᠳᠧᠩ ᠤᠨ ᠲᠣᠯᠣᠭᠠᠢ ᠲᠣᠯᠠᠰᠭᠢᠬᠤ ᠳᠤ ᠥᠩᠭᠡᠷᠡᠴᠢᠬᠡᠳᠡᠭ ᠵᠠᠯᠠᠭᠤ ᠨᠠᠰᠤ       ᠴᠦᠪᠢᠲ ᠤᠨ ᠵᠡᠪᠡᠨ ᠳᠤ ᠣᠯᠠᠨᠲᠠ ᠰᠢᠷᠬᠠᠲᠤᠳᠠᠭ ᠴᠤ ᠠᠵᠢᠭ ᠦᠭᠡᠢ ᠵᠠᠯᠠᠭᠤ ᠨᠠᠰᠤ       ᠮᠠᠨᠢ ᠶᠢᠨ ᠵᠢᠷᠭᠤᠭᠠᠨ ᠦᠰᠦᠭ ᠤᠩᠰᠢᠬᠤ ᠶᠢᠨ ᠵᠠᠢ ᠳᠤ ᠪᠠᠷᠠᠴᠢᠬᠠᠳᠠᠭ ᠵᠠᠯᠠᠭᠤ ᠨᠠᠰᠤ       ᠮᠠᠷᠭᠠᠰᠢ ᠮᠠᠷᠭᠠᠰᠢ ᠭᠡᠵᠦ ᠬᠤᠳᠠᠷᠭᠠᠯᠠᠭᠰᠠᠭᠠᠷ ᠪᠠᠶᠢᠵᠤ ᠶᠠᠪᠤᠴᠢᠬᠠᠳᠠᠭ ᠵᠠᠯᠠᠭᠤ ᠨᠠᠰᠤ︾                                                  - ︽ᠵᠠᠯᠠᠭᠤ ᠨᠠᠰᠤ︾       ᠡᠨᠡ ᠬᠥᠮᠥᠨ ᠪᠣᠯ ᠮᠢᠨᠤ ︽ᠪᠠᠭᠰᠢ︾᠃ ᠨᠡᠷ᠎ᠡ ᠯᠤᠤᠬ᠎ᠠ᠂ ᠣᠪᠣᠭ ᠵᠠᠯᠠᠶᠢᠷ᠃       ︽ᠬᠡᠦᠬᠡᠳ ᠤᠨ ᠢᠶᠠᠨ ᠮᠥᠷᠥᠭᠡᠳᠦᠯ ᠳᠤ ᠢᠲᠡᠭᠡᠭᠡᠷᠡᠢ᠃ ᠮᠥᠷᠥᠭᠡᠳᠬᠦ ᠳᠤ ᠵᠢᠭᠦᠷ ᠤᠷᠭᠤᠳᠠᠭ᠂ ᠮᠥᠷᠥᠭᠡᠳᠬᠦ ᠳᠤ ᠬᠦᠰᠡᠯ ᠪᠡᠶᠡᠯᠡᠳᠡᠭ᠃ ᠬᠡᠦᠬᠡᠳ ᠢ ᠤᠷᠮᠠᠰᠢᠭᠤᠯᠵᠤ ᠵᠣᠷᠢᠭ ᠢᠲᠡᠭᠡᠯ ᠥᠭᠴᠦ᠂ ᠰᠡᠳᠬᠢᠬᠦᠢ ᠶᠢ ᠨᠢ ᠲᠡᠯᠡᠷᠡᠭᠦᠯᠵᠦ᠂ ᠲᠣᠮᠣ ᠶᠠᠭᠤᠮ᠎ᠠ ᠶᠢ ᠮᠥᠷᠥᠭᠡᠳᠦᠭᠦᠯᠵᠦ ᠪᠠᠶᠢᠭᠠᠷᠠᠢ᠃ ᠪᠢᠳᠡ ᠬᠡᠦᠬᠡᠳ ᠢᠶᠠᠨ ᠳ᠋ᠣᠺᠲ᠋ᠣᠷ ᠡᠷᠳᠡᠮᠲᠡᠨ᠂ ᠬᠠᠭᠠᠨ ᠬᠠᠳᠣᠨ ᠪᠤᠯᠭᠠᠬᠤ ᠴᠢᠬᠤᠯᠠ ᠪᠢᠰᠢ᠂ ᠬᠠᠷᠢᠨ ᠬᠥᠮᠥᠨ ᠪᠤᠯᠭᠠᠬᠤ᠂ ᠬᠥᠳᠡᠯᠮᠦᠷᠢᠯᠡᠬᠦ ᠳᠤᠷ᠎ᠠ ᠲᠠᠢ᠂ ᠡᠬᠡ ᠰᠣᠶᠣᠯ ᠳᠠᠭᠠᠨ ᠬᠠᠶᠢᠷᠠᠲᠠᠢ᠂ ᠬᠠᠶᠢᠷ᠎ᠠ ᠠᠴᠢ ᠶᠢ ᠮᠡᠳᠡᠬᠦ ᠬᠥᠮᠥᠨ ᠪᠣᠯᠭᠠᠨ ᠬᠥᠮᠥᠵᠢᠭᠦᠯᠬᠦ ᠨᠡᠩ ᠴᠢᠬᠤᠯᠠ︾ ᠬᠡᠮᠡᠨ ᠪᠠᠭᠰᠢ ᠮᠢᠨᠢ ᠥᠨᠥᠳᠥᠷ ᠮᠠᠷᠭᠠᠰᠢ ᠶᠢᠨ ᠠᠯᠢᠨ ᠳᠤ ᠴᠦ ᠰᠤᠷᠬᠤᠢ ᠶᠢᠨ ᠬᠦᠰᠡᠯ ᠤᠨ ᠨᠣᠭᠲᠣ ᠦᠭᠡᠢ ᠲᠡᠮᠡᠦᠯᠦᠯ ᠳᠤ᠂ ᠰᠤᠷᠭᠠᠬᠤᠢ ᠶᠢᠨ ᠰᠥᠰᠥ ᠪᠠᠷ ᠮᠥᠷᠥᠭᠡᠳᠦᠯ ᠬᠠᠶᠢᠷᠠᠯᠠᠵᠤ᠂ ᠪᠤᠷᠠᠮ ᠢᠶᠠᠷ ᠪᠢᠰᠢ ᠤᠷᠮ᠎ᠠ ᠪᠠᠷ ᠲᠡᠳᠬᠦᠨ ᠢᠨᠢᠶᠡᠮᠰᠦᠭ ᠬᠠᠷᠠᠴᠠ᠂ ᠶᠡᠷᠦᠮᠳᠡᠭ ᠦᠭᠡ᠂ ᠣᠷᠣᠯᠳᠣᠯᠭ᠎ᠠ ᠪᠠᠷᠢᠮᠲᠠᠯᠠᠯ ᠢᠶᠠᠷ ᠢᠶᠠᠨ ᠢᠲᠡᠭᠡᠯ ᠬᠠᠶᠢᠷ᠎ᠠ ᠪᠠᠨ ᠵᠣᠷᠢᠭᠤᠯᠵᠤ᠂ ᠠᠬᠢᠯᠲᠠ ᠳᠠᠪᠠᠯᠲᠠ ᠶᠢᠨ ᠬᠦᠴᠦ ᠣᠯᠭᠤᠵᠤ᠂ ᠤᠷᠤᠯᠳᠤᠵᠤ ᠮᠥᠷᠥᠶᠢᠴᠡᠬᠦ ᠶᠢᠨ ᠰᠢᠨᠳᠠᠰᠤ ᠶᠢ ᠬᠦᠷᠲᠡᠭᠡᠨ᠂ ᠤᠬᠠᠭᠠᠵᠢᠵᠤ ᠲᠣᠮᠣᠭᠠᠵᠢᠬᠤ ᠶᠢᠨ ᠰᠢᠳᠢ ᠶᠢ ᠬᠠᠶᠢᠷᠠᠯᠠᠳᠠᠭ ᠨᠢᠭᠡᠨ ᠪᠣᠯᠵᠤ ᠶᠠᠪᠤᠨ᠎ᠠ᠃       ︽ᠬᠢᠬᠦ ᠬᠥᠮᠥᠨ ᠳᠤ ᠠᠷᠭ᠎ᠠ ᠮᠤᠩᠳᠠᠬᠤ ᠦᠭᠡᠢ᠂ ᠬᠢᠬᠦ ᠦᠭᠡᠢ ᠬᠥᠮᠥᠨ ᠳᠤ ᠰᠢᠯᠲᠠᠭ ᠮᠤᠩᠳᠠᠬᠤ ᠦᠭᠡᠢ︾ ᠬᠡᠮᠡᠨ ᠥᠪᠡᠷ ᠤᠨ ᠢᠶᠠᠨ ᠰᠢᠯᠦᠭ ᠲᠤᠭᠤᠷᠪᠢᠯ ᠤᠨ ᠵᠠᠮ ᠢᠶᠠᠷ ᠵᠠᠮᠨᠠᠭᠰᠠᠨ ᠬᠢᠭᠡᠳ ᠣᠩᠨᠢᠭᠤᠳ ᠠᠷᠠᠳ ᠤᠨ ᠤᠷᠠᠨ ᠪᠦᠲᠦᠭᠡᠯᠴᠢᠳ ᠤᠨ ᠬᠤᠯᠪᠣᠭᠠᠨ ᠤ ᠪᠠᠨ ᠥᠴᠥᠭᠡᠳᠦᠷ ᠥᠨᠥᠳᠥᠷ ᠤᠨ ᠲᠤᠬᠠᠢ ︽ᠤᠤᠭᠠᠯ ᠨᠤᠲᠤᠭ᠂ ᠤᠳᠤᠮ ᠰᠣᠶᠣᠯ᠂ ᠤᠬᠠᠭᠠᠨ ᠨᠣᠮ︾ ᠭᠡᠬᠦ ᠰᠡᠳᠦᠪ ᠢᠶᠠᠷ ᠵᠠᠯᠭᠠᠮᠵᠢ ᠦᠶ᠎ᠡ ᠶᠢᠨ ᠬᠢᠨ ᠳᠡᠭᠡᠨ ᠢᠷᠡᠬᠦ ᠮᠠᠷᠭᠠᠰᠢ ᠳᠤᠨᠢ ᠰᠡᠳᠬᠢᠯ ᠢᠲᠡᠭᠡᠯ ᠤᠨ ᠰᠢᠪᠡᠨᠡᠭᠡ ᠪᠠᠨ ᠶᠠᠷᠢᠳᠠᠭ ᠪᠠᠶᠢᠯ᠎ᠠ᠃       ︽ᠮᠠᠷᠭᠠᠰᠢ ᠪᠢ ᠤᠤᠭᠠᠯ ᠨᠤᠲᠤᠭ ᠤᠨ ᠢᠶᠠᠨ ᠬᠠᠷᠠᠭᠤᠯ ᠪᠣᠯᠣᠨ᠎ᠠ ᠁︾       ︽ᠮᠠᠷᠭᠠᠰᠢ ᠪᠢ ᠤᠳᠤᠮ ᠰᠣᠶᠣᠯ ᠤᠨ ᠢᠶᠠᠨ ᠵᠠᠯᠭᠠᠮᠵᠢᠯᠠᠭᠴᠢ ᠪᠣᠯᠣᠨ᠎ᠠ ᠁︾       ︽ᠮᠠᠷᠭᠠᠰᠢ ᠪᠢ ᠤᠬᠠᠭᠠᠨ ᠨᠣᠮ ᠲᠠᠢ ᠬᠥᠮᠥᠨ ᠪᠣᠯᠣᠨ᠎ᠠ ᠁︾       ᠡᠨᠡ ᠪᠦᠭᠦᠨ ᠪᠣᠯ ᠬᠡᠦᠬᠡᠳ ᠤᠳ ᠤᠨ ᠬᠢᠨᠢ ᠰᠡᠳᠬᠢᠯ ᠤᠨ ᠳᠠᠭᠤᠨ ᠪᠠᠶᠢᠯ᠎ᠠ᠃       ︽ᠬᠤᠪᠢ ᠵᠠᠶᠠᠭ᠎ᠠ ᠭᠡᠭᠴᠢ ᠵᠣᠯ ᠵᠠᠪᠰᠢᠶᠠᠨ ᠪᠢᠰᠢ ᠬᠠᠷᠢᠨ ᠰᠣᠩᠭᠤᠯᠲᠠ ᠶᠤᠮ᠂ ᠬᠦᠰᠡᠯᠡᠩ ᠪᠢᠰᠢ ᠬᠠᠷᠢᠨ ᠠᠵᠢᠯᠯᠠᠭ᠎ᠠ ᠶᠤᠮ᠂ ᠨᠡᠷ᠎ᠡ ᠦᠭᠡ ᠪᠢᠰᠢ ᠬᠠᠷᠢᠨ ᠦᠢᠯᠡ ᠦᠭᠡ ᠶᠤᠮ᠃ ᠬᠤᠪᠢ ᠵᠠᠶᠠᠭ᠎ᠠ ᠭᠡᠭᠴᠢ ᠲᠠᠯᠪᠢᠵᠤ ᠶᠠᠪᠤᠭᠤᠯᠳᠠᠭ ᠪᠢᠰᠢ ᠬᠠᠷᠢᠨ ᠠᠳᠬᠤᠵᠤ ᠠᠪᠳᠠᠭ ᠶᠤᠮ︾ ᠭᠡᠵᠦ ᠪᠠᠭᠰᠢ ᠮᠢᠨᠢ ᠳᠠᠩᠳᠠ ᠶᠠᠷᠢᠳᠠᠭ᠃       ᠲᠡᠶᠢᠮᠦ ᠠ᠋᠂ ᠠᠭᠤᠯᠠ ᠶᠢᠨ ᠢᠶᠠᠨ ᠬᠥᠬᠡ ᠴᠢᠯᠠᠭᠤ ᠶᠢ ᠳᠡᠷᠡᠯᠡᠵᠦ ᠲᠦᠷᠦᠭᠰᠡᠨ ᠬᠥᠮᠥᠨ ᠤ ᠵᠣᠷᠢᠭ ᠬᠠᠳᠠᠨ᠂ ᠤᠰᠤᠨ ᠤ ᠬᠢ ᠪᠠᠨ ᠭᠦᠨ ᠴᠡᠭᠡᠯ ᠢ ᠬᠠᠷᠠᠵᠤ ᠥᠰᠦᠭᠰᠡᠨ ᠬᠥᠮᠥᠨ ᠤ ᠰᠡᠳᠬᠢᠯ ᠲᠤᠩᠭᠠᠯᠠᠭ᠂ ᠠᠭᠤᠳᠠᠮ ᠲᠠᠯ᠎ᠠ ᠪᠠᠨ ᠪᠠᠷᠠᠳᠠᠵᠤ ᠥᠰᠦᠭᠰᠡᠨ ᠬᠥᠮᠥᠨ ᠤ ᠰᠠᠨᠠᠭ᠎ᠠ ᠬᠤᠯᠠ ᠪᠠᠶᠢᠬᠤ ᠤᠴᠢᠷᠲᠠᠢ᠃ ᠤᠬᠠᠭᠠᠨ ᠤ ᠣᠨᠳᠣᠷᠤᠭ᠎ᠠ ᠨᠢ ᠦᠨᠡᠨ ᠤ ᠦᠷᠭᠦᠯᠵᠢᠯᠡᠯ ᠪᠣᠯᠵᠤ᠂ ᠦᠶ᠎ᠡ ᠵᠠᠯᠭᠠᠮᠵᠢ ᠨᠤᠭᠤᠳ ᠨᠢ ᠢᠲᠡᠭᠡᠯ ᠤᠨ ᠨᠠᠷᠠᠨ᠂ ᠠᠮᠢ ᠨᠠᠰᠤᠨ ᠤ ᠢᠯᠴᠢ ᠭᠡᠭᠡ ᠨᠢ ᠪᠣᠯᠵᠤ ᠳᠤᠯᠠᠭᠠᠯᠠᠵᠠᠢ᠃︽ᠲᠠᠷᠢᠶ᠎ᠠ ᠳᠠᠷᠢᠭᠰᠠᠨ ᠰᠢᠯᠦᠭᠴᠢ ᠶᠢᠨ ᠭᠤᠨᠢᠭ ᠢ ᠬᠠᠮᠢᠭ᠎ᠠ ᠠᠴᠠ ᠡᠷᠢᠨᠡᠮᠲᠠᠮᠠᠬᠢᠨ ᠤᠲᠤᠭ᠎ᠠ ᠪᠠᠷ ᠰᠡᠳᠬᠢᠯ ᠠᠷᠭᠠᠳᠠᠭᠰᠠᠨ ᠵᠢᠷᠦᠬᠡᠨ ᠳᠤ ᠨᠢ ᠬᠡᠨ ᠪᠠᠭᠲᠠᠨᠠᠮᠲᠡᠭᠷᠢ ᠶᠢᠨ ᠬᠢᠵᠠᠭᠠᠷ ᠲᠤ ᠳᠠᠷᠢᠭᠰᠠᠨ ᠵᠡᠭᠦᠳᠦ ᠨᠢ ᠴᠡᠩᠬᠡᠷ ᠭᠤᠷᠣᠬᠠᠨ ᠪᠠᠶᠢᠨᠠᠮᠳᠡᠯᠡᠬᠡᠢ ᠶᠢᠨ ᠭᠦᠨ ᠳᠤ ᠬᠤᠷᠢᠶᠠᠭᠰᠠᠨ ᠲᠠᠷᠢᠶ᠎ᠠ ᠨᠢ ᠮᠥᠩᠬᠡ ᠶᠢᠨ ᠣᠨᠢᠰᠤᠭ᠎ᠠ ᠪᠠᠶᠢᠨᠠᠮ︾                                              - ᠵᠢ᠊·ᠴᠡᠩᠭᠡᠯ ᠤᠨ ᠪᠢᠴᠢᠭᠡᠰᠦ       ᠲᠡᠭᠦᠨ ᠤ ᠥᠴᠥᠭᠡᠳᠦᠷ ᠳᠣᠮᠤᠭ ᠦᠨᠡᠨ᠂ ᠵᠡᠭᠦᠳᠦ ᠡᠷᠢᠯᠬᠢᠯᠡᠯ ᠢᠶᠠᠷ ᠳᠦᠭᠦᠷᠡᠩ ᠠᠭᠠᠳ ᠥᠨᠥᠳᠥᠷ ᠨᠢ ᠲᠤᠤᠯᠢᠰᠯᠢᠭ ᠦᠨᠡᠨ᠂ ᠰᠠᠶᠢᠨ ᠰᠠᠶᠢᠬᠠᠨ ᠤ ᠬᠥᠭᠡᠭᠡᠴᠡᠯᠳᠦᠯ ᠪᠢᠯᠬᠠᠮ᠎ᠠ ᠪᠣᠯᠬᠤᠷ ᠦᠨᠡᠨ ᠤ ᠦᠷᠭᠦᠯᠵᠢᠯᠡᠯ ᠪᠤᠶᠤ ᠮᠠᠷᠭᠠᠰᠢ ᠨᠢ ᠭᠡᠮᠨᠡᠯ ᠥᠭᠡᠷ᠎ᠡ ᠪᠠᠶᠢᠬᠤ ᠨᠢ ᠦᠨᠡᠨᠲᠡᠢ᠃ ᠭᠡᠬᠦ ᠳᠡᠭᠡᠨ ᠲᠡᠷᠡ ᠶᠡᠷᠦ ᠳᠤᠷᠠᠰᠤᠮᠵᠢ ᠵᠦᠭ ᠣᠳᠬᠤᠢ ᠥᠴᠥᠭᠡᠳᠦᠷ ᠢᠶᠠᠨ ᠮᠠᠷᠲᠠᠭ᠎ᠠ ᠦᠭᠡᠢ᠃       ᠤᠯᠠᠭᠠᠨ ᠲᠣᠭᠤᠰᠣᠨ ᠤ ᠡᠬᠢᠯᠡᠯ ᠲᠡᠭᠦᠰᠬᠡᠯ ᠨᠢ ᠦᠨᠡᠨ ᠪᠤᠶᠤ ᠴᠠᠭ ᠬᠤᠭᠤᠴᠠᠭ᠎ᠠ᠃ 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ