ᠠᠶᠢᠯ ᠤᠨ ᠠᠬ᠎ᠠ
ᠨᠡᠶᠢᠲᠡᠯᠡᠭᠰᠡᠨ ᠴᠠᠭ᠄
2025/4/29
       ᠠᠶᠢᠯ ᠤᠨ ᠠᠬ᠎ᠠ ᠴᠡᠭᠡᠵᠢ ᠪᠠᠨ ᠤᠷᠤᠭᠰᠢ ᠲᠦᠷᠢᠵᠦ ᠬᠥᠯ ᠢᠶᠠᠨ ᠴᠢᠷᠦᠭᠰᠡᠭᠡᠷ ᠠᠶᠢᠰᠤᠢ᠃ ᠭᠠᠷ ᠢᠶᠠᠨ ᠰᠠᠵᠢᠬᠤ ᠦᠭᠡᠢ ᠬᠠᠷᠢᠨ ᠠᠷᠤᠨᠰᠢ ᠪᠠᠨ ᠳᠡᠷᠪᠡᠶᠢᠯᠭᠡᠵᠦ ᠶᠠᠪᠤᠳᠠᠭ ᠰᠣᠨᠢᠨ ᠬᠥᠮᠥᠨ᠃       ︽ᠰᠠᠶᠢᠨ ᠤᠤ᠂ ᠲᠠ︕ ᠭᠡᠷ ᠳᠠᠶᠠᠭᠠᠷ ᠢᠶᠠᠨ ᠰᠠᠶᠢᠨ ᠪᠠᠶᠢᠵᠠᠭᠠᠨ᠎ᠠ ᠤᠤ︖︾ ᠭᠡᠰᠡᠨ ᠳᠤ᠂ ︽ᠰᠠᠶᠢᠨ᠂ ᠰᠠᠶᠢᠨ ᠤᠤ︖︾ ᠭᠡᠳ ᠶᠠᠮᠠᠷ ᠨᠢᠭᠡᠨ ᠵᠦᠢᠯ ᠳᠤ ᠶᠠᠭᠠᠷᠠᠭᠰᠠᠨ ᠪᠤᠯᠤᠯᠳᠠᠢ ᠨᠢᠳᠦ ᠨᠢ ᠲᠣᠭᠲᠠᠵᠤ ᠶᠠᠳᠠᠨ᠎ᠠ᠃       ︽ᠬᠠᠮᠢᠭ᠎ᠠ ᠣᠴᠢᠬᠤ ᠭᠡᠵᠦ ᠶᠠᠪᠤᠨ᠎ᠠ︖︾ ᠭᠡᠰᠡᠨ ᠳᠤ᠂ ︽ᠪᠠᠯᠭᠠᠰᠤᠨ ᠳᠡᠭᠡᠷ᠎ᠡ ᠡᠷᠦᠭᠡ ᠶᠢᠨ ᠴᠡᠷᠢᠭ ᠤᠨ ᠴᠤᠭᠯᠠᠭᠠᠨ ᠪᠤᠯᠬᠤ ᠭᠡᠳ ᠬᠥᠯ ᠭᠠᠵᠠᠷ ᠬᠦᠷᠬᠦ ᠦᠭᠡᠢ ᠳᠡᠭᠳᠡᠵᠦ ᠶᠠᠪᠤᠨ᠎ᠠ᠃ ᠠᠶᠢᠯ ᠤᠨ ᠠᠬ᠎ᠠ ᠨᠢ ᠡᠷᠦᠭᠡ ᠶᠢᠨ ᠴᠡᠷᠢᠭ ᠤᠨ ᠪᠣᠯᠪᠠᠰᠤᠷᠠᠯ ᠳᠤ ᠳᠠᠪᠲᠠᠭᠳᠠᠵᠤ ᠶᠠᠪᠤᠭᠰᠠᠨ︾ ᠭᠡᠳ ᠮᠠᠶᠢᠵᠢᠭᠢᠨᠠᠪᠠ᠃ ᠬᠥᠯ ᠨᠢ ᠬᠤᠮᠣᠶᠢᠵᠤ ᠲᠠᠮᠤᠯᠳᠤᠵᠤ ︵ᠨᠢᠭᠡ ᠬᠥᠯ ᠨᠢ ᠨᠦᠭᠦᠭᠡ ᠬᠥᠯ ᠳᠤ ᠲᠡᠭᠡᠭᠯᠡᠨ ᠣᠶᠢᠴᠢᠬᠤ︶ ᠤᠨᠠᠬᠤ ᠳᠤ ᠬᠤᠯᠠ ᠦᠭᠡᠢ ᠮᠠᠶᠢᠵᠢᠭᠢᠨᠠᠬᠤ ᠨᠢ ᠡᠮᠨᠢᠭ ᠲᠤᠬᠰᠢᠨ ᠤᠨᠤᠵᠤ᠂ ᠠᠵᠢᠯ ᠤᠨ ᠬᠦᠨᠳᠦ ᠶᠢ ᠬᠢᠵᠦ ᠶᠠᠪᠤᠭᠰᠠᠨ ᠢᠶᠠᠨ ᠭᠡᠷᠡᠴᠢᠯᠡᠬᠦ ᠭᠡᠰᠡᠨ ᠮᠡᠲᠦ᠃ ᠨᠣᠭᠤᠭᠠᠨ ᠲᠠᠰᠠᠮ᠎ᠠ ᠲᠠᠢ ᠴᠠᠭᠠᠨ ᠪᠤᠯᠢᠭᠠᠷᠢ ᠭᠤᠳᠤᠯ ᠨᠢ ᠤᠷᠤᠭ ᠬᠠᠯᠲᠠᠷ ᠪᠣᠯᠵᠠᠢ᠃ ᠲᠣᠭᠤᠰᠣ ᠰᠢᠷᠣᠢ ᠳᠠᠭᠠᠭᠠᠬᠤ ᠪᠠᠷ ᠬᠠᠷ᠎ᠠ ᠪᠠᠷᠠᠭᠠᠨ ᠥᠩᠭᠡᠲᠡᠢ ᠭᠤᠳᠤᠯ ᠡᠮᠦᠰᠦᠭᠰᠡᠨ ᠦᠭᠡᠢ ᠨᠢ ᠬᠠᠷᠢᠨ ᠵᠠᠯᠠᠭᠤ ᠽᠠᠨᠳᠠᠨ ᠶᠠᠪᠤᠭᠰᠠᠨ ᠢᠶᠠᠷ ᠢᠶᠠᠨ ᠪᠠᠭ᠋ᠠᠷᠬᠠᠬᠤ ᠭᠡᠰᠡᠨ ᠶᠤᠮ ᠪᠢᠵᠡ᠃ᠡᠷᠦᠭᠡ ᠶᠢᠨ ᠴᠡᠷᠢᠭ ᠭᠡᠰᠡᠨ ᠨᠢ ᠮᠠᠨᠤᠰ ᠢ ᠪᠠᠭ᠎ᠠ ᠳᠤ ᠬᠦᠴᠦ ᠳᠣᠷᠪᠢ ᠲᠠᠢ᠂ ᠵᠠᠯᠠᠭᠤ ᠢᠳᠡᠷᠴᠦᠳ ᠨᠢ ᠡᠷᠦᠭᠡ ᠶᠢᠨ ᠴᠡᠷᠢᠭ ᠲᠤ ᠲᠠᠲᠠᠭᠳᠠᠭᠠᠳ ᠬᠡᠦᠬᠡᠳ ᠬᠥᠭᠰᠢᠳ ᠯᠡ ᠮᠠᠯ ᠤᠨ ᠵᠠᠬ᠎ᠠ ᠳᠡᠭᠡᠷ᠎ᠡ ᠬᠤᠴᠣᠷᠳᠠᠭ ᠪᠠᠶᠢᠯ᠎ᠠ᠃ ᠠᠪᠤ ᠬᠡᠳᠦᠨ ᠲᠡᠭᠡᠭᠡᠪᠦᠷᠢ ᠶᠢᠨ ᠲᠡᠮᠡᠭᠡ ᠬᠥᠲᠥᠯᠥᠨ᠂ ᠤᠷᠳᠤ ᠠᠭᠤᠯᠠᠨ ᠠᠴᠠ ᠡᠪᠡᠰᠦᠨ ᠬᠦᠷᠢᠶ᠎ᠡ ᠲᠠᠲᠠᠬᠤ ᠮᠣᠳᠣ ᠪᠠᠭᠤᠯᠭᠠᠬᠤ ᠪᠠᠷ ᠶᠠᠪᠤᠭᠠᠳ ᠡᠵᠡᠭᠦᠢ᠃       ᠮᠠᠨ ᠤ ᠬᠢ ᠬᠤᠨᠢ ᠤᠯᠠᠨ ᠲᠠᠢ᠃ ᠴᠠᠰᠤ ᠣᠷᠣᠵᠤ ᠲᠡᠭᠷᠢ ᠬᠦᠢᠲᠡᠷᠡᠨ ᠮᠠᠯ ᠢᠶᠠᠨ ᠬᠠᠰᠢᠶᠠᠯᠠᠵᠤ ᠡᠬᠢᠯᠡᠩᠭᠦᠲᠡ ᠬᠤᠷᠤᠭ᠎ᠠ ᠬᠤᠲᠠᠨ ᠤ ᠰᠢᠭᠡᠭ ᠵᠤᠵᠠᠭᠠᠷᠠᠨ ᠬᠤᠷᠢ ᠬᠤᠨᠣᠬᠤ ᠦᠭᠡᠢ ᠯᠠ ᠬᠥᠷᠵᠡᠩ ᠭᠢᠰᠬᠢᠬᠦ ᠠᠵᠢᠯ ᠭᠠᠷᠤᠨ᠎ᠠ᠃ᠨᠢᠭᠡ ᠡᠳᠦᠷ ᠪᠠᠷᠪᠠᠶᠢᠭᠰᠠᠨ ᠬᠠᠷ᠎ᠠ ᠰᠠᠬᠠᠯ ᠲᠠᠢ ᠲᠠᠭᠵᠢᠭᠠᠷ ᠵᠢᠵᠢᠭᠬᠡᠨ ᠪᠡᠶ᠎ᠡ ᠲᠠᠢ ᠪᠠᠲᠤᠴᠠᠭᠠᠨ ᠭᠡᠭᠴᠢ ᠬᠥᠮᠥᠨ᠂ ᠠᠳᠤᠭᠤᠴᠢᠨ ᠠᠪᠠᠭ᠎ᠠ ᠴᠢᠮᠡᠳ ᠤᠨ ᠬᠠᠮᠲᠤ ᠬᠥᠷᠵᠡᠩ ᠭᠢᠰᠬᠢᠯᠴᠡᠬᠦ ᠪᠠᠷ ᠢᠷᠡᠯ᠎ᠡ᠃       ᠬᠤᠨᠢ ᠬᠤᠲᠠᠯᠠᠭᠤᠯᠵᠤ ᠶᠠᠪᠤᠩᠭᠠᠨ ᠪᠢ᠂ ᠠᠬ᠎ᠠ ᠳᠤ᠄ ︽ᠳᠡᠷᠪᠡᠶᠢᠭᠡᠳ ᠶᠠᠪᠠᠭᠠᠨ ᠭᠠᠯᠠᠭᠤ ᠰᠢᠭ᠋ ᠶᠠᠮᠠᠷ ᠬᠠᠴᠢᠨ ᠠᠯᠬᠤᠳᠠᠭ ᠬᠥᠮᠥᠨ ᠪᠤᠢ︖︾ ᠭᠡᠰᠡᠨ ᠳᠤ᠂ ︽ᠪᠠᠷᠪᠠᠶᠢᠭᠰᠠᠨ ᠬᠠᠷ᠎ᠠ ᠰᠠᠬᠠᠯ ᠨᠢ ᠪᠠᠷᠢᠭᠤᠯ ᠵᠠᠭᠤᠴᠢᠬᠠᠭᠰᠠᠨ ᠶᠤᠮᠰᠢᠭ᠃ ᠶᠡᠷᠦ ᠨᠢ ᠡᠨᠡ ︿ᠪᠠᠷᠢᠭᠤᠯ ᠰᠠᠬᠠᠯᠲᠤ﹀ ᠴᠢᠨᠢ ᠲᠠᠬᠳᠠᠭᠠᠨᠠᠭᠠᠳ ᠬᠥᠷᠵᠡᠩ ᠳᠠᠭᠠᠭᠠᠳᠠᠭ ᠶᠤᠮ ᠪᠣᠯ ᠤᠤ ᠳ᠋ᠠ︾ ᠭᠡᠵᠦ ᠪᠠᠶᠢᠨ᠎ᠠ᠃ ᠪᠢ ᠲᠤᠰᠴᠤ ᠠᠪᠤᠭᠠᠳ ︽ᠶᠣᠰᠣᠲᠠᠢ ᠣᠨᠣᠭᠠᠭᠰᠠᠨ ᠨᠡᠷ᠎ᠡ︾ ᠭᠡᠲᠡᠯ᠎ᠡ ᠡᠵᠢ ᠬᠡᠵᠢᠶᠡᠨᠡᠢ ᠦᠭᠡᠢ ᠣᠯᠣᠭᠠᠳ ᠰᠣᠨᠣᠰᠴᠢᠬᠠᠵᠠᠢ᠃ ︽ᠲᠡᠷᠡ ᠬᠥᠮᠥᠨ ᠤ ᠲᠠᠭᠳᠠᠭᠠᠷ ᠪᠡᠶ᠎ᠡ᠂ ᠪᠠᠷᠪᠠᠭᠠᠷ ᠰᠠᠬᠠᠯ ᠨᠢ ᠲᠠ ᠨᠠᠷ ᠲᠤ ᠶᠠᠮᠠᠷ ᠬᠠᠮᠢᠶ᠎ᠠ ᠲᠠᠢ ᠶᠤᠮ︖ ᠬᠥᠮᠥᠨ ᠤ ᠲᠦᠷᠦᠭᠰᠡᠨ ᠲᠥᠷᠬᠦ ᠶᠢ ᠦᠯᠡᠵᠦ ᠰᠡᠪᠯᠡᠬᠦ ᠳᠡᠭᠡᠨ ᠁ ᠵᠠᠳᠠᠷᠠᠭᠰᠠᠨ ᠠᠮᠠ ᠲᠠᠢ ᠲᠤᠷᠠᠰᠭ᠋᠎ᠠ ᠨᠤᠭᠤᠳ︾ ᠭᠡᠵᠦ ᠵᠠᠩᠳᠤᠷᠪᠠ᠃       ᠣᠷᠣᠢ ᠨᠢ ᠴᠢᠮᠡᠳ ᠠᠪᠠᠭ᠎ᠠ ᠵᠡᠭᠦᠨ ᠭᠡᠷ ᠲᠤ ᠡᠮᠡᠭᠡ᠂ ᠡᠵᠢ ᠬᠤᠶᠠᠷ ᠲᠠᠢ ᠬᠠᠭᠤᠴᠢᠯᠠᠨ᠂ ᠥᠨᠥ ︽ᠪᠠᠷᠢᠭᠤᠯ ᠰᠠᠬᠠᠯᠲᠤ︾ ᠮᠠᠨ ᠤ ᠠᠬ᠎ᠠ ᠳᠡᠭᠦᠦ ᠭᠤᠷᠪᠠ ᠲᠠᠢ ᠪᠠᠷᠠᠭᠤᠨ ᠭᠡᠷ ᠲᠤ ᠱᠠᠭ᠎ᠠ ᠬᠠᠮᠤᠯ᠎ᠠ᠃ ᠣᠷᠣᠢ ᠣᠷᠣᠢ ᠱᠠᠭ᠎ᠠ ᠬᠠᠮᠤᠳᠠᠭ ᠮᠠᠨ ᠤ ᠭᠤᠷᠪᠠ ᠱᠠᠭ᠎ᠠ ᠬᠠᠮᠤᠬᠤ ᠳᠠᠭᠠᠨ ᠣᠪᠣᠭ᠎ᠠ ᠯᠠ ᠳ᠋ᠠ᠃ ᠬᠠᠷᠢᠨ ︽ᠪᠠᠷᠢᠭᠤᠯ ᠰᠠᠬᠠᠯᠲᠤ︾ ᠱᠠᠭ᠎ᠠ ᠬᠠᠮᠤᠬᠤ ᠳᠠᠭᠠᠨ ᠲᠠᠭᠠᠷᠠᠤᠬᠠᠨ᠃ ᠬᠠᠷᠢᠭᠤ ᠦᠭᠡᠢ ᠰᠢᠭᠦᠭᠳᠡᠬᠦ ᠶᠢᠨ ᠲᠣᠯᠣᠭᠠᠢ ᠳᠡᠭᠡᠷ᠎ᠡ ︽ᠵᠠ᠂ ᠵᠠ᠂ ᠶᠠᠷᠰᠢᠭ︕ ᠱᠠᠭ᠎ᠠ ᠬᠠᠮᠤᠵᠤ ᠲᠣᠭᠯᠠᠬᠤ ᠪᠠᠷ ᠶᠠᠮᠠᠷ ᠬᠡᠦᠬᠡᠳ ᠴᠦ ᠪᠢᠰᠢ᠃ ᠠᠶᠢᠯ ᠤᠨ ᠠᠪᠠᠭ᠎ᠠ ᠨᠢ ᠲᠠ ᠨᠠᠷ ᠲᠤ ᠦᠯᠢᠭᠡᠷ ᠶᠠᠷᠢᠶ᠎ᠠ︾ ᠭᠡᠯ᠎ᠡ᠃       ︽ᠠᠪᠠᠭ᠎ᠠ ᠨᠢ ᠳᠠᠪᠬᠢᠵᠤ ᠶᠠᠪᠤᠭ᠎ᠠ ᠮᠣᠷᠢᠨ ᠳᠡᠭᠡᠷ᠎ᠡ ᠠᠴᠠ ᠲᠡᠷᠡᠰᠦ ᠪᠤᠷᠭᠠᠰᠤ ᠪᠠᠷ ᠪᠦᠲᠦᠭᠡᠭᠳᠡᠭᠰᠡᠨ ᠮᠠᠭᠤᠰᠠᠶᠢᠨ ᠫᠠᠢ ᠨᠤᠭᠤᠳ ᠤᠨ ᠭᠠᠯ ᠮᠠᠩᠨᠠᠢ ᠶᠢ ᠨᠢ ᠭᠠᠯ ᠪᠤᠳᠠᠷᠠᠳᠠᠯ᠎ᠠ ᠣᠨᠣᠭᠠᠳᠠᠭ ᠮᠡᠷᠭᠡᠨ ᠫᠤᠤᠴᠢ᠃ ᠮᠥᠯᠬᠦᠵᠦ ᠤᠷᠤᠭᠰᠢᠯᠠᠬᠤ ᠳᠠᠭᠠᠨ ᠪᠦᠷ ᠴᠦ ᠭᠠᠷᠮᠠᠭᠠᠢ᠃ ᠵᠡᠭᠦᠨ ᠰᠤᠭᠤᠨ ᠳᠠᠭᠠᠨ ᠫᠤᠤ ᠪᠠᠨ ᠰᠤᠭᠤᠪᠴᠢᠯᠠᠵᠤ᠂ ᠪᠠᠷᠠᠭᠤᠨ ᠲᠣᠬᠤᠢ ᠪᠠᠷ ᠢᠶᠠᠨ ᠲᠣᠬᠤᠶᠢᠯᠳᠠᠨ ᠤᠷᠤᠭᠰᠢᠯᠠᠬᠤ ᠳᠤ ᠪᠤᠰᠤᠳ ᠡᠷᠦᠭᠡ ᠶᠢᠨ ᠴᠡᠷᠢᠭ ᠤᠳ ᠲᠡᠷᠲᠡᠭᠡ ᠲᠡᠨᠳᠡ ᠮᠢᠨᠤ ᠲᠣᠭᠤᠰᠣᠨ ᠳᠤ ᠪᠤᠯᠠᠬᠳᠠᠨ ᠬᠤᠴᠣᠷᠳᠠᠭ᠃ ᠶᠡᠷᠦ ᠨᠢ ᠮᠠᠨ ᠤ ᠪᠠᠷᠢᠭᠠᠳᠠ ᠳᠤ ᠮᠢᠨᠤ ᠡᠮᠦᠨ᠎ᠡ ᠭᠠᠷᠬᠤ ᠳᠣᠷᠪᠢᠲᠠᠢ ᠡᠷ᠎ᠡ ᠪᠠᠶᠢᠭ᠎ᠠ ᠦᠭᠡᠢ ᠶᠤᠮ︾ ᠭᠡᠰᠡᠨ ᠳᠤ᠂ ︽ᠢ᠂ ᠶᠠᠮᠠᠷ ᠴᠢᠳᠠᠯ ᠲᠠᠢ ᠶᠤᠮ︖︾ ᠭᠡᠳ ᠳᠡᠭᠦᠦ ᠮᠢᠨᠢ ᠲᠠᠭᠤ ᠠᠯᠳᠠᠨ᠎ᠠ᠃       ︽ᠴᠢᠳᠠᠯ ᠲᠠᠢ ᠪᠠᠷ ᠵᠤᠬᠰᠤᠬᠤ ᠦᠭᠡᠢ ᠵᠣᠷᠢᠭ ᠲᠠᠢ᠃ ᠬᠠᠳᠠ ᠴᠢᠯᠠᠭᠤ᠂ ᠣᠷᠪᠣᠭ ᠪᠤᠳᠠ᠂ ᠴᠠᠰᠤ ᠮᠥᠰᠥᠨ ᠳᠡᠭᠡᠭᠦᠷ ᠵᠠᠮ ᠭᠤᠯᠣᠬᠤ ᠦᠭᠡᠢ ᠲᠠᠩᠺ ᠰᠢᠭ᠋ ᠰᠢᠭᠤᠷᠬᠠᠢ ᠤᠷᠤᠭᠰᠢᠯᠠᠳᠠᠭ᠃ ᠳᠤᠯᠠᠭᠠᠨ ᠤ ᠴᠠᠭ ᠲᠤ ᠡᠪᠦᠳᠦᠭ᠂ ᠲᠣᠬᠤᠢ ᠬᠤᠶᠠᠷ ᠤᠯᠠᠭᠠᠨ ᠬᠠᠯᠴᠠᠭᠠᠢ ᠪᠣᠯᠣᠨ᠎ᠠ᠃ ᠬᠠᠷᠢᠨ ᠬᠦᠢᠲᠡᠨ ᠤ ᠤᠯᠠᠷᠢᠯ ᠳᠤ ᠠᠷᠠᠰᠤᠨ ᠬᠤᠪᠴᠠᠰᠤ᠂ ᠰᠢᠷᠢᠨ ᠭᠤᠳᠤᠯ ᠨᠡᠮᠡᠷᠢ ᠪᠤᠯᠬᠤ ᠨᠢ ᠴᠦ ᠪᠣᠯᠣᠨ᠎ᠠ᠃ ᠠᠷᠠᠰᠤᠨ ᠬᠤᠪᠴᠠᠰᠤᠨ ᠤ ᠡᠩᠭᠡᠷ ᠲᠣᠬᠤᠢ᠂ ᠨᠡᠬᠡᠢ ᠥᠮᠥᠳᠦᠨ ᠤ ᠡᠪᠦᠳᠦᠭ ᠲᠠᠰᠢᠶ᠎ᠠ᠂ ᠭᠤᠳᠤᠯ ᠪᠠᠭᠠᠷᠲᠤᠭ ᠤᠨ ᠬᠠᠮᠠᠷ ᠬᠤᠩᠰᠢᠶᠠᠷ ᠢ ᠲᠡᠰᠬᠡᠨ᠎ᠡ ᠭᠡᠵᠦ ᠦᠭᠡᠢ᠃ ᠦᠬᠡᠷ ᠤᠨ ᠰᠢᠷᠢ ᠪᠠᠷ ᠦᠳᠡᠭᠰᠡᠨ ᠴᠦ ᠬᠤᠶᠠᠷ ᠬᠤᠨᠣᠬᠤ ᠦᠭᠡᠢ ᠴᠤᠭᠤᠷᠠᠨ᠎ᠠ᠃ ᠮᠡᠷᠭᠡᠵᠢᠯ ᠢᠶᠠᠨ ᠲᠡᠭᠡᠭᠰᠢᠯᠡᠭᠦᠯᠵᠦ᠂ ᠬᠢᠯᠢ ᠬᠢᠵᠠᠭᠠᠷ ᠢᠶᠠᠨ ᠬᠠᠮᠠᠭᠠᠯᠠᠬᠤ ᠪᠠᠷ ᠱᠠᠯᠳᠠᠩ ᠲᠣᠬᠤᠢ᠂ ᠨᠢᠴᠦᠭᠦᠨ ᠡᠪᠦᠳᠦᠭ ᠢᠶᠠᠷ ᠲᠡᠮᠡᠴᠡᠵᠦ ᠶᠠᠪᠤᠭᠰᠠᠨ ᠳ᠋ᠠ︾ ᠭᠡᠳ ᠬᠠᠨ᠎ᠠ ᠶᠢᠨ ᠲᠣᠯᠣᠭᠠᠢ ᠰᠢᠷᠳᠡᠨ ᠰᠠᠬᠠᠯ ᠢᠶᠠᠨ ᠰᠢᠪᠲᠤᠷᠠᠪᠠ᠃ ᠮᠠᠨᠤᠰ ᠢ ᠬᠡᠦᠬᠡᠳ ᠭᠡᠵᠦ ᠡᠯᠡᠭ ᠪᠠᠷᠢᠨ ᠬᠤᠳᠠᠯ ᠵᠠᠯᠠᠵᠤ ᠪᠠᠶᠢᠬᠤ ᠶᠢ ᠨᠢ ᠮᠡᠳᠡᠵᠦ ᠪᠠᠶᠢᠭᠰᠠᠨ ᠴᠦ ᠬᠥᠭᠲᠡᠢ ᠶᠠᠷᠢᠶᠠᠨ ᠳᠤᠨᠢ ᠲᠠᠲᠠᠭᠳᠠᠨ᠎ᠠ᠃       ︽ᠪᠠᠰᠠ ᠨᠢᠭᠡ ᠦᠯᠢᠭᠡᠷ ᠶᠠᠷᠢᠭᠠᠴᠢ︕︾ ᠭᠡᠳ ᠤᠳᠬᠤᠨ ᠳᠡᠭᠦᠦ ᠮᠢᠨᠢ ᠱᠠᠯᠠᠯ᠎ᠠ᠃       ︽ᠵᠠ᠂ ᠲᠡᠭᠡᠶ᠎ᠡ︕ ᠨᠢᠭᠡ ᠡᠳᠦᠷ ᠪᠢ ᠮᠠᠨᠳᠤᠬᠤ ᠲᠣᠯᠣᠭᠠᠢ ᠶᠢᠨ ᠣᠷᠣᠢ ᠳᠡᠭᠡᠷ᠎ᠡ ᠠᠳᠤᠭᠤ ᠳᠤᠷᠠᠨᠳᠠᠵᠤ ᠰᠠᠭᠤᠲᠠᠯ᠎ᠠ ᠲᠤᠷᠠᠨ ᠤ ᠬᠠᠷᠠᠭᠠᠨ ᠳᠤ ᠳᠠᠶᠢᠰᠤᠨ ᠤ ᠬᠠᠷ᠎ᠠ ᠨᠢᠰᠬᠡᠯ ᠣᠷᠣᠭᠠᠳ ᠢᠷᠡᠪᠡ᠃ ᠶᠠᠳᠠᠵᠤ ᠫᠤᠤ ᠪᠠᠨ ᠡᠭᠦᠷᠴᠦ ᠭᠠᠷᠤᠭᠰᠠᠨ ᠦᠭᠡᠢ᠃ ᠰᠠᠨᠳᠤᠷᠬᠤ ᠳᠠᠭᠠᠨ ᠭᠠᠭᠴᠠ ᠦᠰᠦᠷᠦᠨ ᠵᠢᠭᠦᠷ ᠠᠴᠠ ᠨᠢ ᠲᠠᠲᠠᠵᠤ ᠤᠨᠠᠭᠠᠭᠰᠠᠨ ᠶᠤᠮ︾ ᠭᠡᠲᠡᠯ᠎ᠡ ᠠᠬ᠎ᠠ ᠫᠦᠰᠬᠢᠲᠡᠯ᠎ᠡ ᠢᠨᠢᠶᠡᠭᠡᠳ᠄ ︽ᠳᠠᠶᠢᠰᠤᠨ ᠤ ᠨᠢᠰᠬᠡᠯ ᠢ ᠤᠤ︖︾ ᠭᠡᠰᠡᠨ ᠳᠤ᠂ ︽ᠵᠠ᠂ ᠵᠠ︕ ᠬᠤᠷᠠᠭ᠎ᠠ ᠲᠠᠢ ᠬᠤᠨᠢᠨ ᠤ ᠳᠡᠭᠡᠭᠦᠷ ᠬᠠᠷ᠎ᠠ ᠰᠢᠪᠠᠭᠤ ᠡᠷᠭᠢᠯᠳᠦᠵᠦ ᠪᠠᠶᠢᠬᠤ ᠪᠠᠷ ᠨᠢ ᠰᠢᠭᠦᠷᠡᠭᠰᠡᠨ ᠶᠤᠮ︾ ᠭᠡᠯ᠎ᠡ᠃ ︽ᠲᠡᠶᠢᠮᠦ ᠥᠨᠳᠥᠷ ᠳᠡᠭᠡᠷ᠎ᠡ ᠠᠴᠠ ᠤᠤ︖︾ ᠭᠡᠳ ᠳᠡᠭᠦᠦ ᠮᠢᠨᠢ ᠭᠠᠶᠢᠬᠠᠭᠰᠠᠨ ᠶᠠᠩᠵᠤ ᠲᠠᠢ ᠲᠣᠯᠣᠭᠠᠢ ᠪᠠᠨ ᠳᠠᠯᠵᠢᠢᠯᠭᠠᠪᠠ᠃ ︽ᠮᠥᠯᠬᠦᠭᠰᠡᠭᠡᠷ ᠪᠠᠶᠢᠭᠠᠳ ᠠᠪᠠᠭ᠎ᠠ ᠶᠢᠨ ᠬᠢᠨᠢ ᠭᠠᠷ ᠰᠤᠨᠴᠢᠬᠠᠭᠰᠠᠨ ᠶᠤᠮ ᠯᠠ ᠳ᠋ᠠ᠃ ᠵᠠ᠂ ᠵᠠ᠂ ᠡᠷᠲᠡᠬᠡᠨ ᠬᠠᠵᠠᠭᠤᠯᠠᠵᠤ ᠰᠡᠭᠦᠵᠢ ᠪᠠᠨ ᠠᠮᠠᠷᠠᠭᠠᠶ᠎ᠠ︾ ᠭᠡᠳ ᠪᠣᠰᠪᠠ᠃       ᠮᠠᠷᠭᠠᠰᠢ ᠨᠢ ᠬᠤᠷᠤᠭ᠎ᠠ ᠭᠢᠰᠬᠢᠯ᠎ᠡ᠃ ᠤᠭ ᠤᠨ ᠮᠠᠶ᠋ᠢᠭ ᠬᠥᠯ ᠲᠠᠢ ᠥᠨᠥ ︽ᠪᠠᠷᠢᠭᠤᠯ ᠰᠠᠬᠠᠯᠲᠤ︾ ᠲᠣᠮᠣ ᠳᠥᠷᠪᠡᠯᠵᠢᠨ ᠬᠥᠷᠵᠡᠩ ᠢ ᠳᠠᠭᠠᠭᠠᠵᠤ ᠶᠠᠳᠠᠭᠰᠠᠨ ᠶᠠᠩᠵᠤ ᠲᠠᠢ ᠮᠠᠶᠢᠵᠢᠬᠴᠢᠨ ᠠᠯᠬᠤᠬᠤ ᠶᠢ ᠬᠠᠷᠠᠭᠰᠠᠨ ᠳᠡᠭᠦᠦ ᠮᠢᠨᠢ ︽ᠠᠶᠢᠯ ᠤᠨ ᠠᠪᠠᠭ᠎ᠠ ᠠ᠋︕ ᠲᠠ ᠬᠥᠷᠵᠡᠩ ᠵᠥᠭᠡᠭᠡᠵᠦ ᠨᠠᠭᠠᠰᠢ ᠴᠠᠭᠠᠰᠢ ᠶᠠᠪᠤᠬᠤ ᠶᠢᠨ ᠬᠡᠷᠡᠭ ᠦᠭᠡᠢ ᠯᠠ ᠳ᠋ᠠ᠃ ᠰᠤᠨᠳᠠᠭ ᠭᠠᠷ ᠢᠶᠠᠷ ᠢᠶᠠᠨ ᠁︾ ᠭᠡᠲᠡᠯ᠎ᠡ ︽ᠬᠦᠨᠳᠦ ᠬᠥᠷᠵᠡᠩ ᠭᠠᠭᠴᠠᠬᠠᠨ ᠲᠠᠯ᠎ᠠ ᠠᠴᠠ ᠨᠢ ᠠᠳᠬᠤᠬᠤ ᠪᠠᠷ ᠪᠡᠶ᠎ᠡ ᠪᠠᠨ ᠳᠠᠭᠠᠭᠠᠬᠤ ᠦᠭᠡᠢ ᠵᠠᠮ ᠤᠨ ᠳᠤᠮᠳᠠ ᠬᠠᠭᠠᠷᠠᠴᠢᠬᠠᠨ᠎ᠠ ᠯᠠ ᠳ᠋ᠠ᠃ ᠬᠠᠷᠢᠨ ᠠᠪᠠᠭ᠎ᠠ ᠶᠢᠨ ᠬᠢᠨᠢ ᠭᠠᠷ ᠬᠦᠷᠵᠡ ᠰᠢᠭ ᠥᠷᠭᠡᠨ ᠪᠠᠶᠢᠭᠰᠠᠨ ᠪᠣᠯ ᠪᠤᠯᠬᠤ ᠯᠠ ᠶᠤᠮ︾ ᠭᠡᠵᠦ ᠪᠠᠶᠢᠨ᠎ᠠ᠃       ᠪᠢ ᠡᠮᠡᠭᠡ ᠠᠴᠠ ︽ᠡᠨᠡ ᠠᠶᠢᠯ ᠤᠨ ᠠᠪᠠᠭ᠎ᠠ ᠵᠢᠭᠠᠬᠠᠨ ᠬᠥᠭᠡᠷᠦᠦ ᠶᠤᠮ ᠤᠤ ᠳ᠋ᠠ︖︾ ᠭᠡᠰᠡᠨ ᠳᠤ᠄ ︽ᠬᠥᠮᠥᠨ ᠤ ᠨᠢᠭᠡ ᠵᠠᠩ ᠯᠠ ᠪᠠᠶᠢᠭ᠎ᠠ ᠪᠢᠵᠡ᠃ ᠬᠠᠷᠢᠨ ︿ᠠᠶᠢᠯ ᠤᠨ ᠠᠪᠠᠭ᠎ᠠ﹀ ᠭᠡᠬᠦ ᠪᠠᠨ ᠪᠤᠯᠢ︕ ᠠᠬ᠎ᠠ ᠠᠴᠠ ᠴᠢᠨᠢ ᠬᠡᠳᠦᠬᠡᠨ ᠯᠠ ᠠᠬ᠎ᠠ ᠶᠤᠮ᠃ ︿ᠠᠶᠢᠯ ᠤᠨ ᠠᠬ᠎ᠠ﹀ ᠭᠡᠵᠦ ᠪᠠᠢ︾ ᠭᠡᠪᠡ᠃ ︽ᠪᠠᠷᠪᠠᠭᠠᠷ ᠬᠠᠷ᠎ᠠ ᠰᠠᠬᠠᠯ ᠲᠠᠢ ᠬᠥᠮᠥᠨ ᠢ ᠤᠤ︖︾ ᠭᠡᠰᠡᠨ ᠳᠤ᠂ ︽ᠬᠥᠮᠥᠨ ᠢ ᠰᠠᠬᠠᠯ ᠢᠶᠠᠷ ᠨᠢ ᠪᠢᠰᠢ ᠨᠠᠰᠤ ᠪᠠᠷ ᠨᠢ ᠬᠦᠨᠳᠦᠯᠡᠳᠡᠭ ᠶᠤᠮ᠃ ᠶᠡᠷᠦ ᠨᠢ ᠠᠪᠤ ᠡᠵᠢ ᠪᠠᠨ ᠠᠮᠢᠳᠤ ᠰᠡᠷᠡᠭᠦᠨ ᠪᠠᠶᠢᠬᠤ ᠳᠤ ᠰᠠᠬᠠᠯ ᠲᠠᠯᠪᠢᠬᠤ ᠶᠢ ᠴᠡᠭᠡᠷᠯᠡᠳᠡᠭ︾ ᠭᠡᠯ᠎ᠡ᠃ ︽ᠬᠥᠭᠡᠷᠦᠬᠦᠢ᠂ ᠲᠡᠭᠡᠪᠡᠯ ᠥᠨᠥᠴᠢᠨ ᠶᠤᠮ ᠪᠠᠶᠢᠨ᠎ᠠ ᠰᠢᠳᠡ︾ ᠭᠡᠰᠡᠨ ᠳᠤ᠂ ︽ᠳᠤᠭᠤᠢ᠂ ᠶᠠᠭᠤ ᠳᠣᠩᠭᠤᠰᠳᠠᠭ ᠵᠣᠯᠢᠭ ᠪᠤᠢ︕ ᠠᠪᠤ ᠡᠵᠢ ᠨᠢ ᠬᠤᠶᠠᠭᠤᠯᠠ ᠬᠤᠶᠠᠭᠤᠯᠠ ᠪᠠᠨ ᠡᠷᠡᠭᠦᠯ ᠰᠠᠷᠠᠭᠤᠯ ᠰᠠᠶᠢᠬᠠᠨ ᠯᠠ ᠶᠠᠪᠤᠭ᠎ᠠ᠃ ᠶᠡᠬᠡᠴᠦᠦᠯ ᠨᠢ ᠰᠤᠷᠭᠠᠳᠠᠭ ᠦᠭᠡᠢ ᠶᠤᠮ ᠤᠤ᠂ ᠬᠡᠯᠡᠭᠰᠡᠨ ᠢ ᠨᠢ ᠲᠣᠭᠤᠳᠠᠭ ᠦᠭᠡᠢ ᠶᠤᠮ ᠤᠤ᠂ ᠬᠡᠦᠬᠡᠳ ᠢᠶᠠᠷ ᠢᠶᠠᠨ ᠯᠠ ᠰᠠᠬᠠᠯ ᠰᠠᠷᠪᠠᠶᠢᠯᠭᠠᠭᠰᠠᠨ ᠬᠠᠷᠠᠭᠳᠠᠳᠠᠭ ᠶᠤᠮ︾ ᠭᠡᠵᠦ ᠠᠶ᠎ᠠ ᠮᠠᠭᠤᠲᠠᠶᠢᠬᠠᠨ ᠳᠤᠤᠭᠠᠷᠪᠠ᠃       ᠲᠡᠷᠡ ᠨᠢᠭᠡᠨ ᠡᠪᠦᠯ ᠮᠠᠨ ᠤ ᠬᠢ ᠠᠶᠢᠯ ᠤᠨ ᠠᠬ᠎ᠠ ᠲᠠᠢ ᠬᠠᠮᠲᠤ ᠡᠪᠦᠯᠵᠢᠵᠦ ᠪᠢᠯᠡ᠃       ᠨᠢᠭᠡ ᠡᠳᠦᠷ ᠪᠢ ᠠᠶᠢᠯ ᠤᠨ ᠠᠬ᠎ᠠ ᠶᠢᠨ ᠳᠤ ᠣᠷᠣᠭᠰᠠᠨ ᠴᠢᠨᠢ ᠬᠥᠪᠬᠡᠨ ᠲᠠᠭᠯᠠᠭ᠎ᠠ ᠲᠠᠢ ᠠᠪᠳᠠᠷ᠎ᠠ ᠠᠴᠠ ᠪᠠᠨ ᠶᠠᠭᠤ ᠨᠢᠭᠡ ᠶᠢ ᠠᠪᠬᠤ ᠭᠡᠳ ᠰᠠᠨᠳᠠᠯᠢ ᠳᠡᠭᠡᠷ᠎ᠡ ᠵᠣᠭᠰᠣᠨ ᠠᠪᠳᠠᠷ᠎ᠠ ᠤᠷᠤᠭᠤ ᠪᠠᠨ ᠲᠣᠩᠭᠤᠶᠢᠵᠤ ᠬᠠᠷᠠᠭᠳᠠᠪᠠ᠃ ︽ᠲᠠ ᠠᠪᠳᠠᠷ᠎ᠠ ᠶᠢᠨ ᠢᠶᠠᠨ ᠢᠷᠤᠭᠠᠷ ᠲᠤ ᠬᠦᠷᠬᠦ ᠦᠭᠡᠢ ᠪᠠᠶᠢᠭ᠎ᠠ ᠶᠤᠮ ᠤᠤ︖︾ ᠭᠡᠰᠡᠨ ᠳᠤ᠂ ︽ᠠᠪᠳᠠᠷ᠎ᠠ ᠶᠢᠨ ᠢᠶᠠᠨ ᠢᠷᠤᠭᠠᠷ ᠲᠤ ᠬᠦᠷᠬᠦ ᠦᠭᠡᠢ ᠡᠷ᠎ᠡ ᠬᠠᠮᠢᠭ᠎ᠠ ᠪᠠᠶᠢᠭᠰᠠᠨ ᠶᠤᠮ᠂ ᠠᠯᠢ᠂ ᠳᠡᠭᠦᠦ ᠮᠢᠨᠢ︕ ᠭᠠᠯ ᠤᠨ ᠬᠠᠪᠴᠢᠭᠤᠷ ᠠᠪᠤᠭᠠᠳ ᠠᠯᠢ︾ ᠭᠡᠯ᠎ᠡ᠃ ︽ᠬᠠᠪᠴᠢᠭᠤᠷ ᠢᠶᠠᠷ ᠶᠠᠭᠠᠬᠢᠬᠤ ᠶᠤᠮ︖︾ ᠭᠡᠰᠡᠨ ᠳᠤ᠂ ︽ᠪᠣᠭᠤᠳᠠᠯ ᠲᠠᠢ ᠴᠦᠢᠳᠡᠩ ᠠᠪᠳᠠᠷ᠎ᠠ ᠶᠢᠨ ᠢᠷᠤᠭᠠᠷ ᠲᠤ ᠣᠷᠣᠴᠢᠬᠠᠭᠠᠳ ᠁︾ ᠭᠡᠵᠦ ᠪᠠᠶᠢᠨ᠎ᠠ᠃ ︽ᠲᠠᠨ ᠤ ᠰᠤᠨᠳᠠᠭ ᠭᠠᠷ︖︾ ᠭᠡᠰᠡᠨ ᠳᠤ᠂ ︽ᠭᠠᠯ ᠤᠨ ᠡᠳ᠋ᠯᠡᠬᠦᠨ ᠢ ᠬᠠᠪᠴᠢᠭᠤᠷ ᠢᠶᠠᠷ ᠤᠷᠤᠯᠳᠤᠳᠠᠭ ᠶᠤᠮ᠃ ᠵᠠ᠂ ᠵᠠ᠂ ᠠᠬ᠎ᠠ ᠨᠢ ᠭᠠᠷ ᠢᠶᠠᠨ ᠰᠤᠩᠭᠠᠭᠠᠳ ᠠᠪᠴᠢᠬᠠᠶ᠎ᠠ︾ ᠭᠡᠳ ᠲᠣᠩᠭᠤᠶᠢᠲᠠᠯ᠎ᠠ ᠲᠣᠯᠣᠭᠠᠢ ᠨᠢ ᠲᠡᠶᠢᠯᠦᠨ ᠠᠪᠳᠠᠷ᠎ᠠ ᠳᠤ  ᠣᠶᠢᠴᠢᠪᠠ᠃ ᠴᠢᠷᠠᠢ ᠨᠢ ᠴᠢᠷᠠᠢ ᠪᠢᠰᠢ ᠪᠣᠯᠴᠢᠬᠠᠭᠰᠠᠨ ᠪᠣᠰᠴᠤ ᠢᠷᠡᠭᠡᠳ᠄ ︽ᠵᠠ᠂ ᠳᠡᠭᠦᠦ ᠮᠢᠨᠢ᠂ ᠡᠨᠡ ᠤᠴᠢᠷ ᠢ ᠬᠡᠨ ᠳᠤ ᠴᠦ ᠪᠢᠲᠡᠭᠡᠢ ᠬᠡᠯᠡᠭᠡᠷᠡᠢ︾ ᠭᠡᠪᠡ᠃ ᠬᠤᠶᠠᠷ ᠬᠥᠯ ᠨᠢ ᠭᠤᠵᠤᠰᠭᠢᠭᠡᠳ ᠲᠠᠯᠳᠠᠷᠠᠬᠰᠠᠨ ᠬᠥᠭᠲᠡᠢ ᠳᠦᠷᠢ ᠨᠢ ᠨᠢᠳᠦᠨ ᠳᠤ ᠦᠵᠡᠭᠳᠡᠭᠡᠳ ᠢᠨᠢᠶᠡᠳᠦ ᠪᠠᠨ ᠪᠠᠷᠢᠵᠤ ᠶᠠᠳᠠᠭᠰᠠᠨ ᠪᠢ ᠪᠤᠰᠢᠭᠤᠬᠠᠨ ᠭᠠᠷᠴᠤ᠂ ᠠᠭᠤᠰᠬᠢ ᠪᠠᠨ ᠠᠭᠤᠵᠢᠷᠠᠲᠠᠯ᠎ᠠ ᠢᠨᠢᠶᠡᠵᠦ ᠪᠢᠯᠡ᠃       ᠴᠠᠰᠤ ᠬᠠᠶᠢᠯᠤᠨ ᠭᠠᠵᠠᠷ ᠲᠠᠷᠯᠠᠨᠲᠤᠭᠰᠠᠨ ᠬᠠᠪᠤᠷ ᠤᠨ ᠨᠢᠭᠡᠨ ᠡᠳᠦᠷ ᠪᠢ ᠲᠦᠯᠡᠭᠡ ᠲᠡᠭᠦᠵᠦ ᠶᠠᠪᠤᠲᠠᠯ᠎ᠠ ᠠᠶᠢᠯ ᠤᠨ ᠠᠬ᠎ᠠ ᠰᠢᠷ᠎ᠠ ᠲᠠᠶᠢᠯᠤᠭ ᠢᠶᠠᠨ ᠬᠥᠲᠥᠯᠥᠨ ᠫᠤᠤ ᠪᠠᠨ ᠮᠥᠷᠥᠪᠴᠢᠯᠡᠨ ᠠᠶᠢᠰᠤᠢ᠃ ᠫᠤᠤ ᠪᠠᠨ ᠲᠡᠮᠡᠭᠡᠨ ᠤ ᠪᠠᠨ ᠪᠦᠭᠦᠨ ᠠᠴᠠ ᠡᠯᠭᠦᠳᠡᠭ ᠪᠣᠯᠣᠭᠠᠰᠠᠢ ᠭᠡᠵᠦ ᠪᠤᠳᠤᠨ ᠬᠦᠯᠢᠶᠡᠵᠦ ᠵᠣᠭᠰᠣᠪᠠ᠃ ᠴᠠᠭᠠᠨ ᠨᠡᠬᠡᠢ ᠲᠡᠪᠡᠯ ᠤᠨ ᠬᠢᠨᠢ ᠲᠠᠯ᠎ᠠ ᠡᠩᠭᠡᠷ ᠶᠠᠭᠤ ᠴᠦ ᠦᠭᠡᠢ ᠨᠣᠷᠴᠢᠬᠠᠵᠠᠢ᠃ ︽ᠲᠠᠨ ᠤ ᠲᠠᠯ᠎ᠠ ᠡᠩᠭᠡᠷ ᠶᠠᠭᠠᠬᠢᠭᠠᠳ ᠨᠣᠷᠴᠢᠬᠠᠭᠰᠠᠨ ᠶᠤᠮ︖︾ ᠭᠡᠰᠡᠨ ᠳᠤ᠂ ︽ᠪᠤᠲᠠᠨ ᠳᠤ ᠬᠢᠷᠤᠭᠰᠠᠨ ᠲᠠᠤᠯᠠᠢ ᠲᠠᠭᠠᠷᠠᠬᠤ ᠪᠠᠷ ᠨᠢ ᠪᠣᠰᠣᠭᠠᠳ ᠲᠠᠬᠰᠢᠴᠢᠬᠠᠬᠤ ᠠᠴᠠ ᠨᠢ ᠪᠣᠯᠭᠤᠮᠵᠢᠯᠠᠨ᠂ ᠬᠤᠯᠠ ᠠᠴᠠ ᠮᠥᠯᠬᠦᠵᠦ ᠣᠴᠢᠭᠠᠳ ᠣᠨᠢᠯᠠᠭᠰᠠᠨ ᠶᠤᠮ︾ ᠭᠡᠵᠦ ᠪᠠᠶᠢᠨ᠎ᠠ᠃ ᠦᠨᠡᠬᠡᠷ ᠰᠢᠷ᠎ᠠ ᠲᠠᠶᠢᠯᠤᠭ ᠤᠨ ᠬᠢᠨᠢ ᠪᠦᠭᠦᠨ ᠠᠴᠠ ᠲᠠᠤᠯᠠᠢ ᠡᠯᠭᠦᠭᠡ ᠲᠠᠢ ᠬᠠᠷᠠᠭᠳᠠᠪᠠ᠃ ᠡᠷᠦᠭᠡ ᠶᠢᠨ ᠴᠡᠷᠢᠭ ᠳᠡᠭᠡᠷ᠎ᠡ ᠰᠤᠷᠤᠬᠰᠠᠨ ᠡᠷᠳᠡᠮ ᠢᠶᠠᠨ ᠬᠡᠷᠡᠭᠯᠡᠭᠰᠡᠨ ᠠᠵᠢ᠃ ︽ᠨᠡᠬᠡᠢ ᠲᠡᠪᠡᠯ ᠤᠨ ᠬᠢᠨᠢ ᠡᠩᠭᠡᠷ ᠶᠠᠭᠤ ᠴᠦ ᠦᠭᠡᠢ ᠬᠠᠳᠠᠭᠠᠳ ᠬᠤᠷᠴᠶᠢᠴᠢᠬᠠᠨ᠎ᠠ ᠳ᠋ᠠ︾ ᠭᠡᠵᠦ ᠪᠤᠳᠤᠳᠠᠯ᠎ᠠ᠄ ︽ᠵᠠ᠂ ᠵᠠ᠂ ᠬᠠᠷᠢᠵᠤ ᠪᠣᠷᠣ ᠶᠢᠨ ᠱᠥᠯᠥ ᠣᠭᠤᠴᠢᠯᠠᠨ ᠳᠤᠯᠠᠭᠠᠴᠠᠶ᠎ᠠ ᠪᠠᠶᠢᠵᠤ ᠁︾ ᠭᠡᠳ ᠪᠠᠶᠠᠷᠲᠠᠢ ᠨᠢ ᠠᠷᠭ᠎ᠠ ᠦᠭᠡᠢ ᠴᠠᠭᠠᠰᠢᠯᠠᠪᠠ᠃ ᠲᠠᠤᠯᠠᠢ᠂ ᠫᠤᠤ ᠠᠴᠠ ᠨᠢ ᠠᠷᠠᠢ ᠬᠥᠩᠭᠡᠨ ᠪᠠᠶᠢᠮᠠᠷ ᠶᠤᠮ᠃ ︽ᠬᠠᠩᠭᠠᠢ ᠳᠡᠯᠡᠬᠡᠢ ᠭᠠᠨᠵᠤᠭ᠎ᠠ ᠳᠤᠰᠤᠲᠠᠯ᠎ᠠ︕︾ ᠭᠡᠵᠦ ᠪᠡᠯᠭᠡᠰᠢᠶᠡᠭᠰᠡᠨ ᠶᠤᠮ ᠪᠢᠵᠡ ᠳ᠋ᠠ᠂ ᠬᠥᠭᠡᠷᠦᠬᠦᠢ︕ ᠪᠤᠲᠠᠨ ᠤ ᠪᠣᠷᠣ ᠲᠠᠤᠯᠠᠢ ᠪᠢᠰᠢ ᠨᠠᠮᠤᠷ ᠤᠨ ᠲᠠᠷᠭᠤᠨ ᠣᠭᠤᠨᠣ ᠤᠨᠠᠭᠠᠭᠰᠠᠨ ᠶᠤᠮᠰᠢᠭ ᠬᠥᠭᠡᠷᠴᠦ ᠶᠠᠪᠤᠭ᠎ᠠ ᠨᠢ ᠢᠨᠢᠶᠡᠳᠦᠮ ᠲᠠᠢ ᠴᠦ ᠶᠤᠮᠰᠢᠭ᠂ ᠦᠷᠦᠪᠲᠦᠯ ᠲᠠᠢ ᠴᠦ ᠶᠤᠮᠰᠢᠭ ᠰᠠᠨᠠᠭᠳᠠᠪᠠ᠃       ᠵᠠᠯᠠᠭᠤ ᠽᠠᠨᠳᠠᠨ ᠨᠠᠰᠤᠨ ᠳᠠᠭᠠᠨ ᠡᠷᠦᠭᠡ ᠶᠢᠨ ᠴᠡᠷᠢᠭ ᠤᠨ ᠪᠠᠶᠢᠯᠳᠤᠭᠴᠢ ᠶᠢᠨ ᠬᠤᠪᠢ ᠪᠠᠷ ︽ᠲᠠᠶᠢᠨ ᠤ ᠪᠡᠯᠡᠳᠬᠡᠯ ᠤᠨ ᠭᠤᠤ ᠮᠠᠯᠲᠠᠬᠤ᠂ ᠬᠤᠷᠤᠭ᠎ᠠ ᠰᠠᠷᠠᠪᠴᠢ ᠪᠠᠷᠢᠬᠤ᠂ ᠬᠤᠳᠳᠤᠭ ᠤᠰᠤ ᠯᠠᠶᠢᠳᠠᠬᠤ᠂ ᠡᠪᠡᠰᠦ ᠬᠠᠳᠤᠯᠠᠩ ᠬᠤᠷᠢᠶᠠᠬᠤ᠂ ᠤᠰᠤᠨ ᠴᠦᠭᠦᠷᠦᠮ ᠪᠠᠶᠢᠭᠤᠯᠬᠤ᠂ ᠡᠪᠡᠰᠦᠨ ᠬᠦᠷᠢᠶ᠎ᠡ ᠲᠣᠣᠷᠯᠠᠬᠤ᠂ ᠪᠣᠷᠳᠣᠭᠠᠨ ᠰᠠᠭᠤᠷᠢᠨ ᠭᠠᠷᠭᠠᠬᠤ᠂ ᠨᠣᠭᠤᠭᠠᠨ ᠪᠣᠷᠳᠤᠭ᠎ᠠ ᠳᠠᠷᠤᠰᠢᠭᠤᠯᠬᠤ ᠁︾ ᠭᠡᠳ ᠪᠢᠰᠢᠭᠦᠢ ᠠᠷᠪᠢᠨ ᠬᠠᠮᠲᠤ ᠶᠢᠨ ᠭᠦᠳᠡᠯᠮᠦᠷᠢ ᠳᠤ ᠪᠡᠶ᠎ᠡ ᠬᠠᠶᠢᠷ᠎ᠠ ᠦᠭᠡᠢ ᠵᠢᠳᠬᠦᠵᠦ ᠶᠠᠪᠤᠭᠰᠠᠨ ᠨᠢ ᠶᠠᠭᠤ ᠶᠠᠭᠤᠨ ᠠᠴᠠ ᠴᠦ ᠦᠨᠡᠨ ᠶᠤᠮᠳᠠᠭ᠃       ︽ᠬᠥᠮᠥᠨ ᠤ ᠨᠢᠭᠡ ᠵᠠᠩ ᠯᠠ ᠪᠢᠵᠡ︕︾ ᠭᠡᠵᠦ ᠡᠮᠡᠭᠡ ᠶᠢᠨ ᠬᠡᠯᠡᠳᠡᠭ ᠵᠥᠪ᠃ ᠶᠠᠷᠢᠶᠠᠨ ᠳᠠᠭᠠᠨ ᠬᠠᠯᠠᠮᠰᠢᠨ ᠵᠠᠷᠢᠮ ᠳᠠᠭᠠᠨ ᠬᠠᠮᠢᠶ᠎ᠠ ᠬᠠᠷᠢᠶ᠎ᠠ ᠦᠭᠡᠢ ᠥᠰᠬᠡᠭᠡᠨ ᠳᠥᠰᠬᠡᠭᠡᠨ ᠲᠠᠢ ᠲᠡᠭᠡᠭᠦᠯᠳᠡᠭ ᠴᠦ ᠬᠡᠨ ᠨᠢᠭᠡᠨ ᠳᠤ ᠬᠤᠣᠷ ᠬᠦᠷᠭᠡᠭᠰᠡᠨ ᠦᠭᠡᠢ᠃ ᠬᠠᠷᠢᠨ ᠥᠷᠥᠭᠡᠯ ᠪᠤᠰᠤᠳ ᠢ ᠢᠨᠢᠶᠡᠯᠭᠡᠵᠦ ᠪᠠᠶᠠᠰᠬᠠᠵᠤ ᠶᠠᠪᠤᠭᠰᠠᠨ ᠤ ᠪᠠᠨ ᠠᠴᠢ ᠪᠠᠷ ᠦᠷ᠎ᠡ ᠬᠡᠦᠬᠡᠳ ᠤᠨ ᠢᠶᠠᠨ ᠰᠠᠶᠢᠨ ᠢ ᠦᠵᠡᠵᠦ᠂ ᠠᠵᠠ ᠵᠢᠷᠭᠠᠯ ᠲᠠᠢ ᠦᠳᠡᠯᠦᠭᠡ ᠨᠠᠰᠤ ᠪᠠᠨ ᠡᠯᠡᠭᠡᠵᠦ ᠶᠠᠪᠤᠭ᠎ᠠ ᠪᠤᠶᠠᠨᠲᠠᠨ ᠤ ᠨᠢᠭᠡ᠂ ᠠᠶᠢᠯ ᠤᠨ ᠠᠬ᠎ᠠ ᠮᠢᠨᠢ᠃       ᠡᠷᠦᠭᠡ ᠶᠢᠨ ᠴᠡᠷᠢᠭ ᠤᠨ ᠬᠢᠨᠢ ᠴᠤᠭᠯᠠᠭᠠᠨ ᠥᠯᠵᠡᠢ ᠬᠡᠶᠢᠮᠣᠷᠢ ᠲᠠᠢ ᠪᠤᠯᠬᠤ ᠪᠣᠯᠲᠤᠭᠠᠢ︕
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ