ᠭᠤᠷᠪᠠᠨ ᠵᠠᠭᠤ ᠵᠢᠷᠠᠨ ᠲᠠᠪᠤᠨ ᠡᠳᠦᠷ ᠢ ᠮᠥᠷᠥᠯᠡᠵᠦ | ᠭᠤᠸ᠎ᠠ ᠰᠢᠷᠭᠠᠯ ᠨᠠᠷᠠᠨ ᠤ ᠠᠯᠳᠠᠨ ᠰᠠᠴᠤᠷᠠᠭ ᠲᠠᠮᠤᠵᠤ | ᠬᠡᠭᠡᠷ᠎ᠡ ᠬᠤᠨᠣᠭᠰᠠᠨ ᠵᠢᠬᠡᠭᠦᠨ ᠰᠠᠯᠬᠢᠨ ᠤ ᠴᠢᠬᠢᠨ ᠳᠤ | ᠭᠦᠳᠡᠯᠮᠦᠷᠢ ᠶᠢᠨ ᠪᠠᠶᠠᠷ ᠵᠢᠷᠭᠠᠯ ᠳᠠᠭᠤᠯᠠᠭᠰᠠᠨ ᠲᠠ | | | | ᠭᠦᠯᠦᠭ ᠤᠨ ᠵᠢᠯᠣᠭᠤ ᠳᠤᠭᠲᠤᠷᠴᠤ ᠠᠳᠤᠭᠤᠨ ᠤ ᠲᠠᠯ᠎ᠠ ᠳᠤ ᠮᠣᠷᠳᠠᠬᠤ ᠳᠠᠭᠠᠨ | ᠬᠥᠳᠡᠯᠮᠦᠷᠢᠴᠢᠨ ᠤ ᠳᠠᠷᠬᠠᠨ ᠬᠡᠶᠢᠮᠣᠷᠢ ᠶᠢ ᠦᠶ᠎ᠡ ᠵᠠᠯᠭᠠᠨ ᠮᠠᠨᠳᠤᠭᠤᠯᠵᠤ | ᠬᠦᠷᠳᠦᠲᠦ ᠲᠡᠷᠭᠡ ᠪᠠᠨ ᠨᠢᠰᠬᠡᠵᠦ ᠡᠪᠦᠯᠵᠢᠶ᠎ᠡ ᠪᠠᠨ ᠨᠢᠭᠡ ᠡᠷᠭᠢᠬᠦ ᠳᠡᠭᠡᠨ | ᠭᠦᠳᠡᠯᠮᠦᠷᠢ ᠦᠢᠯᠡᠰ ᠤᠨ ᠬᠤᠷᠳᠤ ᠶᠢ ᠡᠷᠢᠨ ᠤ ᠮᠡᠯᠮᠡᠢ ᠳᠤ ᠭᠠᠶᠢᠬᠠᠭᠤᠯᠵᠤ | | | | ᠢᠰᠡᠭᠡᠢ ᠤᠭᠤᠲᠠ ᠲᠠᠢ ᠬᠤᠷᠠᠭ᠎ᠠ ᠪᠠᠨ ᠬᠠᠪᠤᠷ ᠲᠠᠢ ᠡᠭᠦᠷᠴᠦ ᠢᠷᠡᠬᠦ ᠳᠤ | ᠬᠥᠳᠡᠯᠮᠦᠷᠢᠴᠢᠨ ᠲᠠᠨ ᠤ ᠪᠠᠶᠠᠰᠤᠯ ᠪᠣᠯ ᠲᠥᠯ ᠤᠨ ᠳᠠᠭᠤ ᠶᠤᠮ ᠰᠢᠦ | ᠢᠩᠭᠡᠨ ᠲᠡᠮᠡᠭᠡ ᠤᠶᠠᠷᠠᠭᠠᠵᠤ ᠭᠤᠯᠣᠭᠳᠠᠭᠰᠠᠨ ᠪᠣᠲᠣᠭᠤ ᠠᠪᠤᠭᠤᠯᠬᠤ ᠳᠤ | ᠬᠥᠳᠡᠯᠮᠦᠷᠢᠴᠢᠨ ᠲᠠᠨ ᠤ ᠵᠢᠷᠭᠠᠯ ᠪᠣᠯ ᠬᠠᠶᠢᠷ᠎ᠠ ᠶᠢᠨ ᠠᠶᠠᠯᠭᠤ ᠶᠤᠮ ᠰᠢᠦ | | | | ᠡᠩ ᠴᠢᠴᠤᠷᠠᠨ ᠳᠠᠪᠠᠯᠭᠠᠯᠠᠬᠤ ᠡᠪᠡᠰᠦᠨ ᠤ ᠪᠠᠶᠠᠨ ᠳᠠᠯᠠᠢ ᠪᠣᠯ | ᠡᠬᠡ ᠭᠠᠵᠠᠷ ᠠᠴᠠ ᠲᠠᠨ ᠳᠤ ᠪᠠᠷᠢᠭᠰᠠᠨ ᠨᠠᠨᠳᠢᠨ ᠪᠡᠯᠡᠭ ᠶᠤᠮ ᠰᠢᠦ | ᠡᠭᠦᠯᠡᠨ ᠤ ᠭᠡᠵᠢᠭᠡ ᠪᠣᠯᠵᠤ ᠨᠠᠮᠢᠷᠠᠭᠰᠠᠨ ᠵᠥᠭᠡᠯᠡᠨ ᠴᠡᠩᠬᠡᠷ ᠪᠣᠷᠤᠭ᠎ᠠ ᠪᠣᠯ | ᠡᠴᠢᠭᠡ ᠲᠡᠭᠷᠢ ᠠᠴᠠ ᠲᠠᠨ ᠳᠤ ᠬᠠᠶᠢᠷᠠᠯᠠᠭᠰᠠᠨ ᠬᠡᠰᠢᠭ ᠪᠤᠶᠠᠨ ᠶᠤᠮ ᠰᠢᠦ | | | | ᠰᠢᠷᠬᠡᠭ ᠰᠢᠷᠬᠡᠭ ᠡᠪᠡᠰᠦ ᠬᠥᠳᠡᠯᠮᠦᠷᠢᠴᠢᠳ ᠤᠨ ᠳᠠᠭᠤᠤ ᠪᠠᠷ ᠭᠠᠩᠬᠤᠨ᠎ᠠ | ᠴᠢᠭᠢᠭ᠂ ᠢᠯᠴᠢ᠂ ᠭᠡᠷᠡᠯ ᠢ ᠭᠠᠷ ᠠᠴᠠ ᠴᠢᠨᠢ ᠭᠦᠷᠲᠡᠭᠡᠳ ᠲᠡᠷᠡ ᠰᠢᠦ | ᠰᠢᠪᠡᠭᠡᠨ ᠳᠣᠲᠣᠷᠠᠬᠢ ᠥᠨᠥᠴᠢᠨ ᠬᠤᠷᠠᠭ᠎ᠠ ᠬᠥᠳᠡᠯᠮᠦᠷᠢᠴᠢᠳ ᠤᠨ ᠭᠠᠷ ᠢᠶᠠᠷ ᠬᠥᠷᠥᠪᠡᠵᠢᠨᠡ | ᠴᠢᠩ ᠵᠢᠷᠦᠬᠡᠨ ᠠᠴᠠ ᠴᠢᠨᠢ ᠤᠨᠳᠤᠷᠣᠬᠰᠠᠨ ᠬᠠᠶᠢᠷ᠎ᠠ ᠶᠢ ᠭᠦᠷᠲᠡᠭᠡᠳ ᠲᠠᠷᠠ ᠰᠢᠦ | | | | ᠬᠠᠪᠤᠷ ᠤᠨ ᠰᠠᠯᠬᠢᠨ ᠳᠤ ᠬᠥᠳᠡᠯᠮᠦᠷᠢᠴᠢᠳ ᠬᠠᠪᠢᠷᠭ᠎ᠠ ᠪᠠᠨ ᠨᠡᠪᠳᠡᠯᠡᠭᠦᠯᠵᠤ ᠶᠠᠪᠤᠬᠤ ᠳᠠᠭᠠᠨ | ᠬᠠᠶᠠ ᠴᠤᠬᠤᠶᠢᠬᠤ ᠨᠢᠯᠬ᠎ᠠ ᠨᠣᠭᠤᠭ᠎ᠠ ᠠᠴᠠ ᠲᠠᠶᠢᠳᠬᠤᠷᠠᠯ ᠤᠨ ᠵᠢᠷᠭᠠᠯ ᠣᠯᠳᠠᠭ ᠭᠡᠨ᠎ᠡ | ᠬᠠᠯᠠᠭᠤᠨ ᠵᠤᠨ ᠢᠶᠠᠷ ᠬᠥᠳᠡᠯᠮᠦᠷᠢᠴᠢᠳ ᠨᠠᠷᠠᠨ ᠤ ᠳᠣᠣᠷ᠎ᠠ ᠵᠢᠳᠬᠦᠬᠦ ᠳᠡᠭᠡᠨ | ᠬᠠᠶᠠ ᠰᠡᠪᠢᠯᠵᠡᠬᠦ ᠰᠡᠷᠢᠭᠦᠨ ᠵᠢᠪᠠᠷ ᠠᠴᠠ ᠦᠯᠡᠮᠵᠢ ᠶᠢᠨ ᠲᠠᠭ᠎ᠠ ᠶᠢ ᠡᠳ᠋ᠯᠡᠳᠡᠭ ᠭᠡᠨ᠎ᠡ | | | | ᠨᠠᠮᠤᠷ ᠤᠨ ᠬᠡᠭᠡᠷ᠎ᠡ ᠬᠥᠳᠡᠯᠮᠦᠷᠢᠴᠢᠳ ᠡᠪᠡᠰᠦᠨ ᠤ ᠶᠠᠷᠢᠶ᠎ᠠ ᠶᠢ ᠴᠢᠩᠨᠠᠬᠤ ᠳᠤ | ᠨᠡᠯᠦᠶᠢᠵᠦ ᠪᠠᠶᠢᠭ᠎ᠠ ᠬᠠᠳᠤᠯᠠᠩ ᠠᠴᠠ ᠪᠠᠨ ᠥᠩ ᠡᠪᠦᠯ ᠢᠶᠠᠨ ᠮᠡᠳᠡᠷᠡᠳᠡᠭ ᠭᠡᠨ᠎ᠡ | ᠡᠪᠦᠯ ᠤᠨ ᠬᠦᠢᠲᠡᠨ ᠳᠤ ᠤᠲᠤᠮᠠᠯ ᠳᠠᠪᠠᠯ ᠲᠠᠢ ᠰᠠᠯᠬᠢ ᠰᠥᠷᠦᠨ ᠳᠠᠪᠬᠢᠭᠤᠯᠬᠤ ᠳᠠᠭᠠᠨ | ᠥᠯᠴᠢᠷ ᠪᠠᠶᠢᠭᠠᠯᠢ ᠶᠢᠨ ᠮᠥᠩᠭᠦᠨ ᠡᠪᠦᠷ ᠲᠤ ᠦᠷ᠎ᠡ ᠶᠢᠨ ᠶᠣᠰᠣᠭᠠᠷ ᠪᠥᠮᠪᠥᠷᠢᠳᠡᠭ ᠭᠡᠨ᠎ᠡ | | | | ᠠᠮᠤ ᠳᠠᠷᠢᠶ᠎ᠠ ᠠᠴᠠ ᠠᠰᠬᠠᠷᠠᠵᠤ ᠢᠷᠡᠬᠦ ᠮᠥᠬᠦᠯᠢᠭ ᠮᠥᠬᠦᠯᠢᠭ ᠠᠯᠳᠠ | ᠬᠥᠳᠡᠯᠮᠦᠷᠢᠴᠢᠨ ᠲᠦᠮᠡᠨ ᠤ ᠳᠤᠰᠤᠯ ᠳᠤᠰᠤᠯ ᠬᠥᠯᠥᠰᠦ ᠶᠤᠮ ᠰᠢᠦ | ᠠᠶᠢᠯ ᠤᠨ ᠠᠷᠤ ᠳᠤ ᠨᠡᠯᠦᠶᠢᠭᠰᠡᠨ ᠪᠠᠶᠠᠨ ᠴᠠᠭᠠᠨ ᠰᠦᠷᠦᠭ | ᠬᠥᠳᠡᠯᠮᠦᠷᠢᠴᠢᠨ ᠤᠯᠠᠨ ᠤ ᠥᠷᠯᠥᠭᠡ ᠦᠳᠡᠰᠢ ᠶᠢᠨ ᠵᠢᠳᠬᠦᠯ ᠶᠤᠮ ᠰᠢᠦ | | | | ᠬᠤᠷᠸ᠎ᠠ ᠲᠠᠨ ᠤ ᠠᠯᠠᠭᠠᠨ ᠳᠡᠭᠡᠷ᠎ᠡ ᠲᠠᠶᠢᠪᠤᠩ ᠡᠷᠭᠢᠨ᠎ᠡ ᠭᠡᠵᠦ ᠪᠤᠳᠤᠬᠤ ᠳᠤ | ᠬᠡᠨ ᠠᠴᠠ ᠴᠤ ᠠᠭᠤᠤ ᠲᠠᠨ ᠰᠢᠭ᠋ ᠬᠥᠮᠥᠨ ᠢ ᠪᠢ ᠡᠷᠢᠵᠦ ᠣᠯᠬᠤ ᠦᠭᠡᠢ ᠶᠤᠮ ᠠ᠋ | ᠬᠡᠳᠦᠬᠡᠨ ᠪᠠᠳᠠᠭ ᠰᠢᠯᠦᠭ ᠢᠶᠠᠷ ᠠᠯᠳᠠᠷ ᠢ ᠴᠢᠨᠢ ᠮᠢᠯᠢᠶᠠᠭᠰᠠᠨ ᠢᠶᠠᠨ ᠪᠤᠳᠤᠬᠤ ᠳᠤ | ᠬᠡᠲᠦᠷᠬᠡᠢ ᠠᠤᠭ᠎ᠠ ᠵᠢᠳᠬᠦᠯ ᠤᠨ ᠴᠢᠨᠢ ᠳᠡᠷᠭᠡᠳᠡ ᠳᠡᠩᠳᠡᠭᠦᠦ ᠥᠴᠥᠬᠡᠨ ᠭᠡᠵᠦ ᠵᠣᠪᠠᠭ᠋ᠤ ᠶᠤᠮ ᠠ᠋ ᠁ |