ᠡᠯᠢᠭᠡ ᠪᠦᠲᠦᠨ ᠬᠠᠶᠢᠷ᠎ᠠ ᠶᠢᠨ ᠰᠠᠬᠢᠭᠤᠰᠤ | ᠡᠭᠡᠯ ᠲᠦᠮᠡᠨ ᠤ ᠡᠷᠬᠡ ᠴᠢᠯᠦᠭᠡᠨ ᠤ ᠲᠦᠰᠢᠭ | ᠡᠨᠡᠷᠢᠯ ᠢᠪᠡᠭᠡᠯ ᠨᠢ ᠢᠯᠴᠢᠲᠦ ᠨᠠᠷᠠᠨ ᠮᠡᠲᠦ | ᠡᠪ ᠬᠠᠮᠲᠤ ᠨᠠᠮ ᠮᠢᠨᠢ | ᠡᠰᠡᠨᠢᠯ ᠮᠠᠨᠳᠤᠯ ᠤᠨ ᠠᠯᠤᠰ ᠤᠨ ᠬᠠᠷᠠᠯᠲᠠ ᠪᠠᠷ | ᠡᠯ᠎ᠡ ᠦᠨᠳᠦᠰᠦᠲᠡᠨ ᠢ ᠪᠦᠯᠬᠦᠮᠳᠡᠭᠦᠯᠦᠭᠰᠡᠨ | ᠲᠦᠪᠰᠢᠷᠡᠯ ᠨᠢᠭᠲᠠᠷᠠᠯ ᠤᠨ ᠬᠠᠮᠲᠤ ᠶᠢᠨ ᠴᠣᠭᠴᠠ ᠪᠠᠷ | ︽ᠲᠤᠮᠳᠠᠳᠤ ᠶᠢᠨ ᠵᠡᠭᠦᠳᠦ︾ ᠶᠢ ᠲᠡᠷᠭᠡᠯᠰᠢᠭᠦᠯᠬᠦ ᠪᠠᠷ ᠴᠢᠷᠮᠠᠶᠢᠭᠰᠠᠨ | ᠠᠵᠠ ᠵᠢᠷᠭᠠᠯ ᠤᠨ ᠠᠯᠳᠠᠨ ᠵᠦᠭᠯᠡᠭᠦᠷ | ᠠᠭᠤᠤ ᠲᠠᠶᠢᠴᠢᠨ ᠨᠠᠮ ᠮᠢᠨᠢ | | | | ᠣᠨ ᠵᠢᠯ ᠤᠨ ᠰᠠᠯᠬᠢ ᠰᠢᠭᠤᠷᠭ᠎ᠠ ᠶᠢ ᠰᠥᠷᠴᠦ | ᠥᠨᠳᠥᠷ ᠤᠨ ᠥᠨᠳᠥᠷ ᠲᠤ ᠨᠠᠮ ᠤᠨ ᠰᠦᠯᠳᠡ ᠭᠢᠯᠠᠯᠵᠠᠨ᠎ᠠ | ᠴᠢᠨᠡᠭᠡᠯᠢᠭ ᠨᠡᠶᠢᠭᠡᠮ ᠢ ᠪᠠᠶᠢᠭᠤᠯᠤᠭᠰᠠᠨ ᠠᠤᠭ᠎ᠠ ᠠᠮᠵᠢᠯᠲᠠ | ᠴᠠᠭ ᠤᠨ ᠵᠡᠭᠦᠦ ᠲᠠᠢ ᠤᠷᠤᠯᠳᠤᠬᠰᠠᠨ ᠨᠥᠷᠢ ᠭᠦᠳᠡᠯᠮᠦᠷᠢ | ᠠᠪᠯᠢᠭᠠᠯ ᠳᠣᠷᠣᠮᠵᠢᠯᠠᠯ ᠢ ᠲᠤᠶᠢᠯᠪᠤᠷᠢᠲᠠᠢ ᠴᠡᠭᠴᠡᠯᠡᠵᠦ | ᠠᠮᠢᠳᠤᠷᠠᠯ ᠦᠢᠯᠡᠰ ᠤᠨ ᠭᠡᠭᠡᠨ ᠲᠤᠶᠠᠭ᠎ᠠ ᠰᠠᠴᠤᠷᠠᠭᠰᠠᠨ | ᠠᠯᠤᠬ᠎ᠠ ᠬᠠᠳᠤᠭᠤᠷᠳᠤ ᠨᠠᠮ ᠤᠨ ᠲᠤᠭ ᠤᠨ ᠨᠠᠮᠢᠷᠠᠭ᠎ᠠ | ᠠᠯᠳᠠᠨ ᠲᠦᠷᠦ ᠶᠢᠨ ᠲᠦᠪᠰᠢᠨ ᠵᠢᠷᠭᠠᠯᠠᠩ | ᠵᠠᠭᠤᠨ ᠵᠢᠯ ᠤᠨ ᠵᠤᠵᠠᠭᠠᠨ ᠨᠣᠮ | ᠵᠢᠪᠬᠤᠭ᠎ᠠ ᠲᠡᠭᠦᠯᠳᠡᠷ ᠨᠠᠮ ᠮᠢᠨᠢ᠃ | | | | ᠠᠭᠤᠤ ᠨᠠᠮ ᠤᠨ ᠤᠷᠢᠶ᠎ᠠ ᠲᠠᠶᠢᠴᠢᠯᠠᠯ | ᠠᠤᠭ᠎ᠠ ᠡᠷᠢᠨ ᠤ ᠰᠢᠨ᠎ᠡ ᠠᠶᠠᠯᠠᠯ | ᠠᠷᠤᠤᠬᠠᠨ ᠪᠠᠭᠠᠲᠤᠷᠴᠤᠳ ᠤᠨ ᠬᠥᠯᠥᠰᠦᠨ ᠲᠤᠰᠤᠯ ᠢᠶᠠᠷ | ᠠᠷᠠᠳ ᠲᠦᠮᠡᠨ ᠳᠤ ᠵᠢᠷᠭᠠᠯ ᠡᠳ᠋ᠯᠡᠭᠦᠯᠦᠭᠰᠡᠨ | ᠰᠢᠨ᠎ᠡ ᠵᠠᠭᠤᠨ ᠤ ᠰᠢᠵᠢᠷ ᠬᠠᠭᠤᠳᠠᠰᠤᠨ ᠳᠤ | ᠰᠢᠭᠤᠷᠬᠠᠶᠢᠯᠠᠨ ᠲᠡᠮᠡᠴᠡᠭᠰᠡᠨ ᠨᠡᠶᠢᠲᠡᠯᠢᠭ ᠵᠢᠱᠢᠶ᠎ᠡ | ᠮᠥᠩᠬᠡ ᠳᠠᠭᠤᠷᠢᠰᠬᠤ ᠵᠢᠷᠦᠬᠡᠨ ᠤ ᠢᠭᠲᠦᠯᠦᠯ | ᠮᠥᠷᠥᠭᠡᠳᠦᠨ ᠳᠠᠭᠤᠯᠠᠬᠤ ᠢᠷᠠᠭᠤ ᠡᠭᠡᠰᠢᠭᠯᠡᠩ | ᠮᠣᠬᠤᠰᠢ ᠦᠭᠡᠢ ᠵᠣᠷᠢᠭ ᠰᠠᠨᠠᠭᠠᠨ ᠤ ᠳᠠᠭᠤᠯᠠᠯ | ᠮᠥᠩᠬᠡ ᠶᠢᠨ ᠨᠠᠷᠠᠨ ᠨᠠᠮ ᠮᠢᠨᠢ᠃ | | |