ᠶᠠᠭᠠᠨ ᠴᠠᠭᠠᠨ ᠴᠡᠴᠡᠭᠡᠰ ᠢᠰᠪᠡᠯᠵᠡᠨ ᠵᠠᠳᠠᠷᠠᠨ᠎ᠠ | ᠶᠠᠭᠠᠬᠢᠬᠤ ᠳᠠᠭᠠᠨ ᠰᠠᠯᠬᠢ ᠡᠩᠭᠡᠷ ᠤᠷᠤᠭᠤ ᠰᠡᠪᠡᠯᠵᠡᠭᠡᠳ ᠪᠠᠶᠢᠬᠤ ᠪᠤᠢ | ᠶᠠᠮᠠᠷ ᠶᠡᠭᠡ ᠳᠣᠭᠳᠣᠯᠤᠯ ᠮᠥᠷᠥᠭᠡᠳᠦᠯ ᠪᠤᠢ᠂ ᠶᠡᠭᠡ ᠪᠠᠶᠢᠭᠠᠯᠢ ᠶᠢᠨ ᠡᠮᠦᠨ᠎ᠡ | ᠨᠠᠮᠤᠭᠤᠬᠠᠨ ᠲᠣᠭᠲᠠᠭᠤᠨ ᠁ | ᠬᠤᠷ᠎ᠠ ᠪᠣᠷᠣᠭᠠᠨ ᠤᠳᠠᠯ ᠦᠭᠡᠢ ᠢᠷᠡᠨ᠎ᠡ᠂ ᠬᠤᠨ ᠰᠢᠪᠠᠭᠤᠳ ᠴᠦ ᠢᠷᠡᠨ᠎ᠡ | ᠢᠷᠡᠬᠦ ᠶᠣᠰᠣᠲᠠᠢ ᠵᠦᠢᠯ ᠤᠳ ᠪᠦᠷ ᠢᠷᠡᠨ᠎ᠡ | ᠶᠡᠭᠡ ᠬᠠᠶᠢᠷ᠎ᠠ ᠶᠢᠨ ᠳᠣᠭᠳᠣᠯᠤᠯ ᠢᠶᠠᠨ ᠮᠥᠴᠢᠷ ᠪᠦᠭᠦᠨ ᠳᠤ ᠡᠯᠭᠦᠭᠡᠳ | ᠳᠡᠯᠭᠡᠷᠡᠵᠦ ᠴᠡᠴᠡᠭᠯᠡᠵᠦ᠂ ᠦᠷᠡᠯᠡᠵᠦ ᠵᠢᠮᠢᠰᠯᠡᠬᠦ ᠶᠢ ᠬᠦᠯᠢᠶᠡᠨ᠎ᠡ | ᠬᠠᠪᠤᠷ ᠠᠴᠠ ᠨᠠᠮᠤᠷ ᠪᠤᠯᠳᠠᠯ᠎ᠠ ᠬᠦᠯᠢᠶᠡᠨ᠎ᠡ | ᠨᠠᠮᠤᠷ ᠠᠴᠠ ᠬᠠᠪᠤᠷ ᠤᠷᠭᠤᠳᠠᠯᠠ ᠬᠦᠯᠢᠶᠡᠨ᠎ᠡ | ᠴᠠᠭ ᠬᠤᠭᠤᠴᠠᠭ᠎ᠠ᠂ ᠭᠱᠠᠨ ᠵᠠᠭᠤᠷ᠎ᠠ ᠪᠠ ᠥᠨᠢ ᠮᠥᠩᠬᠡ ᠶᠢ ᠬᠡᠯᠬᠢᠭᠡᠳ | ᠰᠠᠶᠢᠪᠤᠷᠯᠠᠨᠠ᠂ ᠭᠠᠯᠭᠢᠭᠤᠯᠤᠨ᠎ᠠ᠂ ᠳᠠᠪᠬᠢᠨ᠎ᠠ ᠁ | ᠴᠢᠪ ᠴᠢᠮᠡᠭᠡ ᠦᠭᠡᠢ ᠪᠠᠶᠢᠲᠠᠯ᠎ᠠ ᠳᠡᠷᠭᠡᠳᠡ ᠴᠢᠨᠢ ᠳᠡᠪᠳᠡᠷᠢᠨ ᠢᠷᠡᠬᠦ | ᠴᠢᠩ ᠬᠠᠶᠢᠷ᠎ᠠ ᠶᠢᠨ ᠴᠡᠩᠬᠡᠷ ᠲᠠᠯᠠᠪᠴᠢ ᠲᠠᠢ ᠰᠢᠪᠠᠭᠤᠬᠠᠢ | ᠤᠯᠠᠨ ᠵᠢᠯ ᠤᠨ ᠡᠮᠦᠨ᠎ᠡ ᠮᠥᠷᠥᠭᠡᠳᠦᠯ ᠤᠨ ᠮᠥᠴᠢᠷ ᠳᠡᠭᠡᠷ᠎ᠡ ᠭᠠᠩᠭᠠᠨᠠᠭᠰᠠᠨ | ᠲᠡᠷᠡ ᠯᠠ ᠰᠢᠪᠠᠭᠤᠬᠠᠢ ᠪᠠᠶᠢᠵᠠᠢ ᠁ | | | ᠬᠤᠯᠠ ᠶᠢᠨ ᠬᠤᠯᠠ ᠶᠢ ᠵᠣᠷᠢᠭᠠᠳ | ᠬᠢᠵᠠᠭᠠᠷ ᠦᠭᠡᠢ ᠬᠤᠯᠠ ᠶᠢᠨ ᠬᠤᠯᠠ ᠶᠢ ᠵᠣᠷᠢᠭᠠᠳ | ᠬᠡᠨ ᠳᠤ ᠴᠦ ᠦᠯᠦ ᠦᠵᠡᠭᠳᠡᠮᠡᠷ | ᠬᠡᠵᠢᠶ᠎ᠡ ᠴᠦ ᠡᠷᠭᠢᠵᠦ ᠢᠷᠡᠮᠡᠷ ᠦᠭᠡᠢ ᠤᠳᠬᠤ ᠶᠢ ᠬᠦᠰᠡᠨᠡᠮ | ᠬᠡᠨ ᠨᠢᠭᠡ ᠶᠢ ᠲᠣᠬᠤᠶᠢᠯᠳᠠᠨ ᠨᠢᠳᠦ ᠪᠠᠨ ᠠᠨᠢᠭᠠᠳ | ᠬᠠᠷᠠᠬᠤ ᠴᠦ ᠦᠭᠡᠢ᠂ ᠰᠣᠨᠣᠷᠳᠠᠬᠤ ᠴᠦ ᠦᠭᠡᠢ | ᠰᠡᠳᠬᠢᠯ ᠢᠶᠠᠷ ᠢᠶᠠᠨ ᠵᠠᠮᠨᠠᠬᠤ ᠶᠢ ᠳᠤᠷᠠᠯᠠᠨᠠᠮ︕ | ᠬᠠᠪᠤᠷ ᠤᠨ ᠰᠠᠯᠬᠢ ᠪᠠᠷ ᠢᠯᠪᠢᠭᠦᠯᠦᠭᠰᠡᠭᠡᠷ | ᠵᠤᠨ ᠤ ᠶᠢᠷᠲᠢᠨᠴᠦ ᠶᠢ ᠴᠢᠭᠯᠡᠨᠡᠮ | ᠵᠢᠷᠤᠭ ᠤᠨ ᠶᠤᠮ ᠰᠢᠭ᠋ ᠭᠠᠩᠭᠠᠩ ᠪᠠᠶᠢᠭᠠᠯᠢ ᠳᠤ | ᠵᠠᠭᠤᠨ ᠴᠡᠴᠡᠭᠡᠰ ᠲᠠᠢ ᠬᠠᠮᠲᠤ ᠳᠡᠯᠭᠡᠷᠡᠬᠦ ᠶᠢ ᠬᠦᠰᠡᠨᠡᠮ︕ | ᠨᠠᠮᠤᠷ ᠤᠨ ᠨᠠᠮᠤᠷ ᠲᠤ ᠦᠭᠡᠢ ᠠᠩᠭᠢᠷᠬᠠᠨ ᠡᠳᠦᠷ ᠤᠳ ᠢ | ᠨᠠᠪᠴᠢᠰ ᠲᠠᠢ ᠬᠠᠮᠲᠤ ᠬᠤᠮᠢᠨ ᠬᠤᠷᠢᠶᠠᠮᠠᠷ | ᠨᠠᠷᠠᠨ ᠤ ᠦᠨᠦᠷ ᠰᠢᠩᠭᠡᠭᠰᠡᠨ ᠲᠡᠷᠯᠢᠭ ᠤᠨ ᠢᠶᠠᠨ ᠬᠤᠷᠮᠣᠢ ᠶᠢ | ᠨᠢᠮᠪᠠᠶᠢᠯᠠᠨ ᠨᠢᠮᠪᠠᠶᠢᠯᠠᠨ ᠬᠠᠳᠠᠭᠠᠯᠠᠮᠠᠷ | ᠲᠡᠷᠡ ᠬᠤᠯᠠ ᠶᠢᠨ ᠡᠪᠦᠯ ᠢ ᠵᠣᠷᠢᠭᠠᠳ | ᠳᠡᠩᠳᠡᠭᠦᠦ ᠨᠠᠮᠤᠭᠤᠬᠠᠨ ᠨᠣᠶᠢᠷᠰᠤᠮᠠᠷ᠃ | | |